ᠮᠤᠩᠭ᠋ᠤᠯ ᠦᠨ ᠬᠦᠨᠳᠦᠳᠭᠡᠯ ᠶᠤᠰᠤᠨ

ᠤᠯᠠᠮᠵᠢᠯᠠᠯᠲᠦ ᠮᠤᠩᠭ᠋ᠤᠯ ᠨᠡᠭᠦᠳᠡᠯᠴᠢᠳ ᠦᠨ ᠴᠡᠪᠡᠷ ᠠᠪᠰᠠᠷᠬᠠᠨ᠂ᠲᠠᠢᠢᠪᠤᠩ ᠨᠠᠮᠤᠭᠤᠬᠠᠨ ᠠᠮᠢᠳᠤᠷᠠᠯ ᠳᠦ ᠲᠦᠪ ᠶᠡᠬᠡᠮᠰᠦᠭ ᠠᠷᠢᠭᠤᠨ ᠲᠠᠷᠬᠠᠨ ᠠᠭᠤᠷ ᠠᠮᠢᠰᠬᠤᠯ ᠲᠠᠢ ᠪᠠᠢᠢᠳᠠᠭ᠃ᠬᠦᠮᠦᠨ ᠦᠨ ᠬᠢᠨᠢ ᠵᠠᠩᠰᠢᠯ ᠪᠤᠯᠤᠭᠰᠠᠨ ᠦᠴᠦᠬᠡᠨ ᠦᠢᠯᠡ ᠬᠦᠳᠡᠯᠦᠯ ᠦᠳ ᠨᠢ ᠶᠡᠷᠦ ᠨᠢ《ᠬᠦᠮᠦᠨ ᠵᠢᠡᠷ ᠦᠨᠳᠦᠰᠦ ᠪᠤᠯᠭᠠᠬᠤ ᠶᠤᠰᠤᠨ》᠂ᠡᠬᠡ ᠪᠠᠢᠢᠭᠠᠯᠢ᠂ᠮᠦᠩᠬᠡ ᠲᠡᠭᠷᠢ ᠵᠡᠷᠭᠡ ᠲᠠᠢ ᠬᠤᠯᠪᠤᠭᠳᠠᠵᠦ᠂ᠬᠦᠨᠳᠦᠳᠭᠡᠯ ᠪᠢᠰᠢᠷᠡᠯ ᠦᠨ ᠶᠤᠰᠤ ᠤᠴᠢᠷ ᠡᠳᠦᠷ ᠲᠤᠳᠤᠮ ᠦᠨ ᠠᠮᠢᠳᠤᠷᠠᠯ ᠳᠦ ᠨᠢ ᠲᠤᠭᠤᠰᠢᠯᠠᠭᠳᠠᠵᠦ ᠪᠠᠢᠢᠳᠠᠭ᠃ᠵᠠᠩ ᠦᠢᠯᠡ ᠨᠢ ᠶᠤᠰᠤᠯᠠᠯ ᠳᠦ ᠨᠢ ᠠᠭᠤᠯᠠᠭᠳᠠᠵᠦ ᠪᠠᠢᠢᠭ᠎ᠠ ᠤᠴᠢᠷ ᠡᠷᠬᠢᠮ ᠬᠦᠮᠦᠨ ᠲᠡᠭᠦᠯᠳᠡᠷ ᠪᠠᠢᠢᠳᠠᠭ ᠠᠵᠠᠢ᠃

ᠮᠤᠩᠭ᠋ᠤᠯ ᠤᠯᠤᠰ ᠲᠦ ᠪᠠᠢᠢᠭᠰᠠᠨ ᠠᠷᠪᠠᠭᠠᠳ ᠬᠤᠨᠤᠭ ᠲᠦ ᠪᠢᠳᠡ ᠡᠳᠦᠷ ᠪᠤᠯᠭᠠᠨ ᠵᠠᠮ ᠬᠦᠬᠡᠬᠡᠵᠦ ᠪᠠᠢᠢᠭᠰᠠᠨ ᠪᠦᠬᠡᠳ ᠤᠪᠤᠭ᠎ᠠ ᠲᠠᠭᠠᠷᠠᠯᠳᠤᠬᠤ ᠪᠤᠯᠭᠠᠨ ᠵᠠᠪᠠᠯ ᠲᠠᠬᠢᠵᠦ᠂ᠮᠦᠩᠬᠡ ᠲᠡᠭᠷᠢ ᠳᠦ ᠬᠦᠨᠳᠦᠳᠭᠡᠯ ᠲᠡᠪᠰᠢᠬᠦᠯᠬᠦ ᠵᠢᠨ ᠲᠠᠭᠠᠥ ᠦᠷᠦᠰᠢᠶᠡᠯ ᠰᠤᠶᠤᠷᠬᠠᠬᠤ ᠪᠤᠯᠳᠤᠭᠠᠢ ᠭᠡᠵᠦ ᠵᠠᠯᠪᠢᠷᠠᠨ ᠲᠠᠭᠠᠳᠬᠠᠵᠦ ᠶᠠᠪᠤᠭᠰᠠᠨ᠃ᠤᠪᠤᠭ᠎ᠠ ᠲᠠᠭᠠᠷᠠᠯᠳᠤᠬᠤ ᠦᠭᠡᠢ ᠴᠦ ᠬᠡᠰᠡᠨ᠂ᠮᠠᠰᠢᠨ ᠵᠤᠭᠰᠤᠭᠰᠠᠭᠠᠷ ᠯᠡ ᠬᠡᠨ ᠨᠢᠬᠡ ᠨᠢ ᠪᠠᠭᠤᠭᠠᠳ ᠠᠷᠢᠬᠢ ᠲᠠᠷᠠᠰᠦ᠂ᠰᠦ᠋ ᠲᠠᠢ ᠴᠠᠢ ᠪᠤᠶᠤ ᠲᠠᠯᠬ᠎ᠠ ᠵᠡᠷᠭᠡ ᠪᠠᠨ ᠮᠠᠰᠢᠨ ᠦ ᠲᠤᠭᠤᠷᠢᠨ ᠳᠦ ᠰᠠᠴᠤᠵᠦ᠂ᠰᠡᠳᠭᠢᠯ ᠵᠢᠷᠦᠬᠡᠨ ᠳᠦ ᠪᠠᠨ ᠵᠠᠯᠪᠢᠷᠠᠨ ᠲᠠᠭᠠᠳᠬᠠᠳᠠᠭ᠃ᠨᠠᠭᠤᠷ ᠦᠨ ᠬᠦᠪᠡᠭᠡᠨ ᠦ ᠤᠪᠤᠭ᠎ᠠ᠂ᠭᠤᠤᠯ ᠦᠨ ᠲᠡᠨᠵᠢᠨ ᠦ ᠤᠪᠤᠭ᠎ᠠ᠂ᠭᠠᠭᠴᠠ ᠮᠤᠳᠤ ᠪᠤᠶᠤ ᠭᠠᠭᠴᠠ ᠴᠢᠯᠠᠭᠤ᠂ᠬᠦᠥᠷ ᠬᠦᠬᠦᠷᠭᠡ ᠲᠡᠭᠡᠷ᠎ᠠ ᠬᠠᠳᠠᠭ ᠵᠢᠡᠨ ᠤᠶᠠᠵᠦ᠂ᠵᠠᠮ ᠦᠨ ᠬᠦᠮᠦᠰ ᠵᠠᠪᠠᠯ ᠴᠦ ᠭᠡᠰᠡᠨ ᠬᠦᠨᠳᠦᠳᠭᠡᠯ ᠵᠢᠡᠨ ᠲᠡᠪᠰᠢᠬᠦᠯᠳᠡᠭ ᠪᠠᠢᠢᠨ᠎ᠠ᠃

ᠪᠢᠳᠡ ᠪᠠᠷᠤᠭ ᠯᠡ ᠡᠳᠦᠷ ᠪᠦᠷᠢ ᠠᠷᠢᠬᠢᠳᠠᠵᠦ ᠨᠠᠢᠢᠷᠯᠠᠵᠦ ᠶᠠᠪᠤᠭᠰᠠᠨ ᠪᠦᠭᠡᠳ ᠠᠷᠢᠬᠢ ᠤᠤᠭᠤᠬᠤ ᠪᠤᠯᠭᠠᠨ ᠳᠦ ᠪᠠᠨ ᠲᠡᠭᠡᠵᠢ ᠵᠢ ᠨᠢ ᠵᠠᠪᠠᠯ ᠡᠬᠡ ᠪᠠᠢᠢᠭᠠᠯᠢ ᠪᠤᠭᠤᠷᠤᠯ ᠲᠡᠭᠡᠳᠦᠰ ᠲᠦ ᠪᠠᠨ ᠡᠷᠭᠦᠵᠦ ᠪᠠᠢᠢᠪᠠ᠃ᠮᠤᠩᠭ᠋ᠤᠯ ᠳᠦ ᠴᠦ ᠠᠷᠢᠬᠢ ᠤᠤᠭᠤᠳᠠᠭ ᠦᠭᠡᠢ ᠬᠦᠮᠦᠰ ᠪᠠᠢᠢᠳᠠᠭ ᠪᠦᠬᠡᠳ ᠤᠯᠠᠨ ᠪᠠᠶᠠᠷ ᠨᠠᠢᠢᠷ ᠲᠦ ᠤᠴᠢᠬᠤ ᠳᠦ ᠪᠠᠨ ᠬᠠᠷᠢᠨ ᠠᠷᠢᠬᠢ ᠪᠡᠯᠡᠭᠯᠡᠳᠡᠭ ᠠᠵᠢ᠃ᠨᠠᠢᠢᠷ ᠡᠴᠡ ᠪᠠᠨ ᠡᠮᠦᠨ᠎ᠠ ᠠᠷᠢᠬᠢᠨ ᠦ ᠲᠡᠭᠡᠵᠢ ᠪᠠᠨ ᠵᠠᠪᠠᠯ ᠴᠦ ᠭᠡᠰᠡᠨ ᠲᠡᠭᠷ ᠭᠠᠵᠠᠷ᠂ᠡᠪᠦᠭᠡ ᠲᠡᠭᠡᠳᠦᠰ ᠲᠦ ᠪᠠᠨ ᠡᠷᠭᠦᠵᠦ ᠢᠷᠠᠭᠤ ᠰᠤᠨᠤᠰᠬᠠᠯᠠᠩᠲᠦ ᠢᠷᠦᠬᠡᠯ ᠤᠩᠰᠢᠳᠠᠭ᠃ᠤᠳᠠᠭ᠎ᠠ ᠪᠤᠭᠠᠨ ᠤᠰᠤᠯᠳᠤᠯ ᠦᠭᠡᠢ ᠡᠢᠢᠨ ᠬᠦ ᠶᠤᠰᠤᠴᠢᠯᠠᠨ ᠬᠦᠢᠴᠡᠳᠭᠡᠳᠡᠭ᠃

ᠡᠷᠡᠭᠲᠡᠢᠢᠴᠤᠳ ᠨᠢ ᠠᠭᠤᠯᠵᠠᠵᠦ ᠵᠤᠯᠭᠠᠬᠤ ᠳᠦ ᠪᠠᠨ ᠬᠦᠬᠦᠷ ᠵᠦᠷᠢᠬᠦᠯᠦᠨ᠎ᠠ︔ ᠨᠠᠰᠤᠲᠠᠳ ᠦᠷᠯᠦᠬᠡ ᠪᠤᠯᠭᠠᠨ ᠮᠦᠩᠬᠡ ᠲᠡᠭᠷᠢ ᠳᠦ ᠪᠠᠨ ᠴᠠᠢ ᠰᠦ᠋ ᠵᠢᠨ ᠲᠡᠭᠡᠵᠢ ᠪᠠᠨ ᠡᠷᠬᠦᠵᠦ᠂ᠬᠡᠰᠢᠭ ᠢᠪᠡᠭᠡᠯ ᠳᠦ ᠨᠢ ᠲᠠᠯᠠᠷᠬᠠᠨ᠎ᠠ᠁ᠡᠢᠨ ᠬᠦ ᠲᠠᠬᠢᠯᠭ᠎ᠠ ᠲᠠᠢᠯᠭ᠎ᠠ ᠳᠦ ᠪᠤᠶᠤ ᠡᠳᠦᠷ ᠲᠤᠳᠤᠮ ᠦᠨ ᠠᠮᠢᠳᠤᠷᠠᠯ ᠳᠦ ᠬᠦᠨᠳᠦᠳᠭᠡᠯ ᠲᠠᠯᠠᠷᠬᠠᠯ ᠲᠡᠪᠰᠢᠬᠦᠯᠬᠦ ᠳᠦ ᠲᠠᠯᠬ᠎ᠠ ᠪᠤᠭᠤᠷᠰᠤᠭ᠂ᠰᠦ᠋᠂ᠴᠢᠨᠠᠭᠰᠢᠯᠠᠭᠠᠳ ᠮᠦᠩᠬᠦ ᠲᠦᠭᠦᠷᠢᠭ ᠴᠦ ᠪᠦᠷ ᠡᠷᠭᠦᠯ ᠦᠨ ᠡᠳ᠋ ᠪᠤᠯᠵᠦ ᠪᠤᠯᠤᠨ᠎ᠠ᠃ᠤᠪᠤᠭ᠎ᠠ᠂ᠴᠠᠮᠠᠬᠠᠭ᠂ᠦᠯᠢᠬᠡᠷ ᠲᠡᠥᠬᠡ ᠰᠡᠢᠯᠦᠨ ᠲᠦᠷᠰᠦᠯᠡᠭᠰᠡᠨ ᠶᠡᠬᠡ ᠡᠭᠦᠳᠡ᠂ᠪᠠᠭᠠᠳᠤᠷᠴᠤᠳ ᠦᠨ ᠬᠦᠰᠢᠶ᠎ᠠ᠂ᠲᠡᠯᠡᠬᠡᠢ ᠵᠢᠨ ᠬᠤᠶᠠᠳᠤᠭᠠᠷ ᠲᠠᠢᠨ ᠦ ᠲᠠᠩᠺ᠂ᠬᠡᠷ ᠲᠦ ᠪᠠᠨ ᠲᠠᠬᠢᠵᠦ ᠪᠠᠢᠭ᠎ ᠬᠦᠩᠭᠠᠷᠪᠠ᠁ᠪᠠᠨ ᠬᠦᠨᠳᠦᠳᠭᠡᠨ ᠲᠡᠭᠡᠳᠦᠯᠡᠵᠦ᠂ᠢᠷᠡᠭᠤ ᠠᠯᠳᠠᠷ ᠢ ᠡᠷᠬᠢᠮᠨᠠᠨ᠂ᠲᠡᠥᠬᠡ ᠪᠠᠨ ᠬᠦᠨᠳᠦᠳᠬᠡᠬᠦ ᠠᠭᠤᠷ ᠠᠮᠢᠰᠬᠤᠯ ᠬᠠᠮᠢᠭ᠎ᠠ ᠴᠦ ᠪᠦᠷ ᠬᠠᠯᠠᠭᠤᠬᠠᠨ ᠮᠡᠳᠡᠷᠡᠭᠳᠡᠨ᠎ᠠ᠃ᠡᠨᠡ ᠨᠢ ᠵᠦᠪᠬᠡᠨ《ᠬᠡᠯᠪᠡᠷᠢ 》ᠲᠡᠳᠦᠢ ᠪᠢᠰᠢ᠂ᠬᠠᠷᠢᠨ ᠦᠨᠳᠦᠰᠦᠲᠡᠨ ᠦ ᠤᠶᠤᠨ ᠰᠡᠳᠭᠢᠯ ᠦᠨ ᠬᠢ ᠨᠢ ᠵᠢᠩᠬᠢᠨᠢ ᠲᠤᠰᠬᠠᠯ ᠪᠢᠯᠡ᠃

ᠬᠠᠮᠢᠭ᠎ᠠ ᠬᠤᠯᠠ ᠵᠢᠨ ᠪᠤᠢᠳᠠ ᠵᠡᠯᠢᠬᠦᠳ ᠬᠦᠳᠡᠬᠡ ᠠᠢᠯ ᠦᠨ ᠡᠭᠦᠳᠡᠨ ᠳᠦ ᠴᠦ ᠪᠦᠷ ᠨᠠᠷᠠᠨ ᠡᠨᠧᠷᠬᠢ ᠵᠢᠨ ᠲᠦᠬᠦᠬᠡᠷᠦᠮᠵᠢ ᠪᠠ ᠲᠸᠯᠸᠢᠰ ᠬᠦᠯᠢᠶᠡᠨ ᠠᠪᠤᠭᠴᠢ ᠲᠠᠢ᠃ᠬᠦᠳᠡᠬᠡ ᠵᠢᠨ ᠬᠡᠥᠬᠡᠳ ᠦᠳ ᠰᠤᠷᠬᠤ ᠨᠠᠰᠤᠨ ᠳᠦ ᠬᠦᠷᠪᠡᠯ ᠬᠤᠳᠠ ᠳᠦ ᠬᠦᠷᠭᠡᠭᠳᠡᠨ ᠰᠤᠷᠤᠯᠴᠠᠬᠤ ᠪᠦᠬᠡᠳ ᠬᠤᠭᠤᠯᠠ ᠪᠠᠢᠷᠢ ᠰᠤᠷᠤᠯᠭ᠎ᠠ ᠵᠢᠨ ᠲᠦᠯᠦᠪᠦᠷᠢ ᠬᠡᠵᠦ ᠲᠤᠰᠢᠶᠠᠳᠠᠭ ᠦᠭᠡᠢ᠃ᠬᠡᠥᠬᠡᠳ ᠲᠦ ᠰᠤᠷᠭᠠᠨ ᠬᠦᠮᠦᠵᠢᠯ ᠬᠦᠷᠲᠡᠭᠡᠬᠦ ᠨᠢ ᠬᠦᠮᠦᠨ ᠳᠦ ᠬᠠᠨᠳᠤᠭᠤᠯᠤᠭᠰᠠᠨ ᠬᠠᠮᠤᠭ ᠦᠨ ᠶᠡᠬᠡ ᠬᠦᠨᠳᠦᠳᠭᠡᠯ ᠭᠡᠵᠦ ᠮᠤᠩᠭᠤᠯᠴᠤᠳ ᠦᠵᠡᠳᠡᠭ᠃ᠪᠢᠳᠡ ᠬᠡᠳᠦᠨ ᠠᠢᠮᠠᠭ ᠵᠢᠡᠷ ᠶᠠᠪᠤᠭᠰᠠᠨ ᠴᠦ ᠦᠨᠳᠦᠷ ᠠᠰᠠᠷ᠂ᠦᠢᠯᠡᠳᠪᠦᠷᠢ ᠵᠠᠪᠤᠳ᠋ ᠭᠡᠵᠦ ᠮᠠᠰᠢ ᠴᠦᠬᠡᠨ ᠪᠠᠢᠵᠦ᠂ᠠᠮᠢᠳᠤᠷᠠᠯ ᠦᠨ ᠤᠷᠴᠢᠨ ᠲᠤᠭᠤᠷᠢᠨ ᠨᠢ ᠬᠢᠮᠳᠠ ᠬᠢᠯᠪᠠᠷ᠂ᠬᠤᠷᠤᠭᠳᠠᠯ ᠪᠠᠭ᠎ᠠ᠂ᠠᠭᠠᠷ ᠴᠡᠪᠡᠷᠬᠡᠨ ᠪᠠᠢᠪᠠ᠃ᠬᠡᠳᠦᠷᠬᠡᠢ ᠶᠡᠬᠡ ᠨᠡᠬᠡᠬᠡᠯᠲᠡ ᠨᠢ ᠡᠬᠡ ᠪᠠᠢᠭᠠᠯᠢ ᠪᠠᠨ ᠬᠦᠨᠳᠦᠳᠭᠡᠵᠦ ᠦᠭᠡᠢ ᠶᠠᠪᠤᠳᠠᠯ ᠬᠡᠮᠡᠨ ᠦᠵᠡᠳᠡᠭ ᠪᠤᠯᠬᠤᠷ  ᠵᠢᠡᠨ ᠲᠡᠢᠮᠦ ᠪᠠᠢᠵᠠᠢ᠃

ᠪᠢᠳᠡ ᠮᠤᠩᠭᠤᠯ ᠳᠦ 17 ᠬᠤᠨᠤᠭᠰᠠᠨ ᠪᠤᠯᠪᠠᠴᠦ ᠤᠳᠤᠭ᠎ᠠ ᠮᠠᠨᠠᠨ ᠲᠠᠢ ᠭᠠᠭᠴᠠ ᠤᠳᠠᠭ᠎ᠠ ᠴᠦ ᠲᠤᠬᠢᠶᠠᠯᠳᠤᠭ᠎ᠠ ᠦᠭᠡᠢ᠃ᠬᠠᠷᠢᠨ ᠦᠶ᠎ᠠ ᠦᠶ᠎ᠠ ᠪᠤᠷᠤᠭᠠᠨ ᠤᠷᠤᠵᠦ ᠪᠠᠢᠭᠰᠠᠨ ᠲᠤᠯᠠ ᠵᠠᠮ ᠨᠢ ᠰᠢᠪᠡᠷ ᠪᠠᠯᠴᠢᠭ ᠬᠡᠴᠡᠬᠦᠦ ᠪᠠᠢᠪᠠ᠃ᠮᠤᠩᠭᠤᠯ ᠦᠨ ᠵᠠᠰᠠᠮᠠᠯ ᠵᠠᠮ ᠬᠦᠭᠵᠢᠭᠰᠡᠨ ᠤᠷᠤᠨ ᠦ ᠬᠢ ᠰᠢᠭ ᠬᠠᠳᠠᠭᠤ ᠪᠢᠰᠢ ᠪᠤᠯᠪᠠᠴᠦ ᠬᠦᠮᠦᠰ ᠨᠢ ᠲᠠᠭᠠᠯᠠᠮᠵᠢᠲᠠᠢ ᠬᠦᠯᠢᠶᠡᠨ ᠵᠦᠪᠰᠢᠶᠡᠷᠡᠵᠦ᠂《ᠵᠠᠮ ᠲᠡᠩᠳᠡᠭᠦᠦ ᠲᠡᠭᠰᠢᠬᠡᠨ ᠪᠤᠯ ᠤᠳᠬ᠎ᠠ ᠦᠭᠡᠢ᠂ᠬᠠᠷᠢᠨ ᠲᠤᠩᠰᠤᠯᠤᠭ᠎ᠠ ᠲᠠᠢ ᠪᠤᠯ ᠮᠤᠷᠢ ᠤᠨᠤᠭᠰᠠᠨ ᠰᠢᠭ᠋ ᠲᠠᠭᠠᠲᠠᠢ ᠰᠠᠨᠠᠭᠳᠠᠳᠠᠭ》ᠭᠡᠵᠦ ᠬᠡᠯᠡᠳᠡᠭ ᠨᠢ ᠴᠦ ᠪᠤᠢ᠃ᠮᠠᠨ ᠦ ᠰᠠᠭᠤᠭᠰᠠᠨ ᠵᠦᠪᠯᠡᠯᠲᠦ ᠵᠢᠨ ᠮᠠᠰᠢᠨ ᠡᠧᠥᠷᠦᠫᠡ ᠠᠮᠸᠷᠢᠺᠠ ᠶᠠᠫᠤᠨ ᠺᠤᠷᠢᠶᠠ ᠵᠢᠨ ᠰᠢᠭ᠋ ᠲᠠᠪᠠᠲᠠᠢ ᠰᠠᠨᠠᠭᠳᠠᠬᠤ ᠦᠭᠡᠢ ᠪᠤᠯᠪᠠᠴᠦ᠂ᠦᠨᠳᠦᠷ ᠠᠷᠠᠯ᠂ᠲᠦᠷᠪᠡᠨ ᠬᠦᠷᠳᠦᠨ ᠦ ᠬᠦᠳᠡᠯᠭᠡᠬᠦᠷ ᠲᠠᠢ᠂ᠪᠠᠭᠳᠠᠭᠠᠮᠵᠢ ᠶᠡᠬᠡ᠄10 ᠬᠦᠮᠦᠨ ᠢ ᠠᠴᠢᠶ᠎ᠠ ᠲᠡᠭᠡᠭᠡᠰᠢ ᠲᠠᠢ ᠨᠢ ᠠᠪᠴᠦ ᠶᠠᠪᠤᠵᠦ ᠴᠢᠳᠠᠨ᠎ᠠ᠂ᠭᠠᠭᠴᠠ ᠲᠤᠳᠠᠭᠳᠠᠯ ᠬᠡᠪᠡᠯ ᠦᠷᠭᠦᠯᠵᠢ ᠡᠪᠳᠡᠷᠡᠯ ᠭᠠᠷᠤᠨ᠎ᠠ᠃ᠪᠢᠳᠡᠨ ᠦ ᠮᠠᠰᠢᠨ ᠪᠠᠷᠢᠳᠠᠭ ᠨᠢ ᠴᠦ᠂ᠮᠠᠰᠢᠨ ᠵᠠᠰᠠᠳᠠᠭ ᠨᠢ ᠴᠦ ᠪᠦᠷ ᠶᠠᠭᠠᠷᠠᠵᠦ ᠲᠠᠪᠠᠳᠠᠬᠦ ᠦᠭᠡᠢ᠂ᠬᠠᠮᠢᠭ᠎ᠠ ᠴᠦ ᠪᠦᠷ ᠪᠠᠭᠤᠭᠠᠳ ᠮᠠᠰᠢᠨ ᠵᠢᠡᠨ ᠵᠠᠰᠠᠵᠦ ᠰᠡᠯᠪᠢᠨ᠎ᠠ᠃ᠬᠦᠳᠡᠬᠡ ᠵᠢᠨ ᠰᠢᠷᠦᠢ ᠵᠢᠨ ᠵᠠᠮ ᠵᠢᠡᠷ ᠶᠠᠪᠤᠬᠤ ᠳᠦ ᠮᠠᠰᠢᠨ ᠦ ᠪᠡᠶ᠎ᠠ᠂ᠮᠠᠰᠢᠨ ᠦ ᠰᠢᠯ ᠰᠢᠪᠡᠷ ᠲᠦ ᠪᠢᠯᠳᠠᠭᠳᠠᠬᠤ ᠤᠴᠢᠷ ᠬᠠᠮᠳᠦ ᠶᠠᠪᠤᠭ᠎ᠠ ᠬᠦᠮᠦᠰ ᠮᠠᠨᠢ ᠬᠦᠭᠰᠢᠨ ᠵᠠᠯᠠᠭᠤ ᠡᠷᠡᠭᠲᠡᠢ ᠡᠮᠡᠭᠲᠡᠢ ᠭᠡᠰᠡᠨ ᠦᠭᠡᠢ ᠪᠦᠷ ᠵᠠᠮ ᠲᠤᠵᠢ ᠠᠷᠴᠢᠵᠦ ᠴᠡᠪᠡᠷᠯᠡᠵᠦ ᠶᠠᠪᠤᠭᠰᠠᠨ᠃ᠮᠠᠰᠢᠨ ᠵᠢᠡᠨ ᠴᠡᠪᠡᠷ ᠠᠪᠴᠦ ᠶᠠᠪᠤᠬᠤ ᠨᠢ ᠴᠦ ᠲᠡᠳᠡᠨ ᠦ ᠰᠠᠢᠬᠠᠨ ᠵᠠᠩᠰᠢᠯ᠃ᠲᠠᠯ᠎ᠠ ᠪᠡᠷ ᠶᠠᠪᠤᠬᠤ ᠳᠦ ᠪᠠᠨ ᠲᠤᠷ᠎ᠠ ᠵᠤᠷᠢᠭ ᠵᠢᠡᠷ ᠵᠢᠡᠨ ᠲᠠᠪᠬᠢᠭᠤᠯᠬᠤ ᠪᠢᠰᠢ᠂ᠵᠠᠪᠠᠯ ᠲᠡᠷᠭᠡᠨ ᠦ ᠵᠠᠮ ᠮᠦᠷ ᠪᠠᠷᠢᠵᠦ ᠶᠠᠪᠤᠨ᠎ᠠ᠃

ᠮᠤᠩᠭᠤᠯ ᠦᠨ ᠬᠢᠨ ᠦ ᠬᠡᠷᠡᠭᠯᠡᠬᠡᠨ ᠦ ᠤᠬᠠᠮᠰᠠᠷ ᠨᠢ ᠴᠦ ᠲᠡᠯᠡᠬᠡᠢᠵᠢᠭᠰᠡᠨ᠂ᠲᠡᠳᠡ ᠭᠠᠳᠠᠭᠠᠳᠦ ᠡᠴᠡ ᠤᠷᠤᠭᠤᠯᠤᠭᠰᠠᠨ ᠶᠠᠮᠠᠷ ᠪᠠᠷᠠᠭ᠎ᠠ ᠲᠠᠸᠠᠷ ᠢ ᠴᠦ ᠮᠡᠳᠡᠨ᠎ᠠ᠂ᠶᠠᠮᠠᠷ ᠮᠤᠤᠳ᠋ ᠦᠨ ᠪᠠᠷᠠᠭ᠎ᠠ ᠲᠠᠸᠠᠷ ᠦ ᠶᠠᠭᠠᠬᠢᠵᠦ ᠬᠡᠷᠡᠭᠯᠡᠬᠦ ᠵᠢ ᠴᠦ ᠮᠡᠳᠡᠨ᠎ᠠ᠃ᠡᠮᠡᠭᠲᠡᠢᠴᠤᠳ ᠨᠢ ᠭᠠᠳᠠᠭᠰᠢ ᠶᠠᠪᠤᠬᠤ ᠳᠦ ᠪᠠᠨ ᠬᠢᠯᠪᠠᠷ ᠲᠦᠬᠦᠮ ᠴᠦ ᠬᠡᠰᠡᠨ ᠵᠡᠪᠡᠯ ᠭᠤᠶᠤᠵᠦ ᠭᠤᠤᠳᠤᠨ᠎ᠠ᠃ᠲᠦᠷᠢ ᠲᠦᠷᠬᠦ ᠪᠠᠨ ᠡᠷᠬᠢᠮᠨᠡᠵᠦ ᠪᠠᠢᠭ᠎ᠠ ᠨᠢ ᠦᠷᠦᠭᠡᠯ ᠢ ᠬᠦᠨᠳᠦᠯᠡᠵᠦ ᠪᠠᠢᠬᠤ ᠵᠢᠨ ᠢᠯᠡᠷᠡᠯ᠃ᠨᠤᠮ ᠪᠤᠯ ᠡᠷᠬᠢᠮ ᠲᠡᠭᠡᠳᠦ ᠪᠡᠯᠡᠭ᠂ᠨᠤᠮ ᠦᠨ ᠪᠡᠯᠡᠭ ᠭᠠᠷᠳᠠᠪᠠᠯ ᠮᠠᠩᠨᠠᠢ ᠳᠦ ᠪᠠᠨ ᠨᠠᠭᠠᠵᠦ᠂ᠪᠠᠶᠠᠷᠯᠠᠵᠦ ᠲᠠᠯᠠᠷᠬᠠᠵᠦ ᠪᠠᠢᠭ᠎ᠠ ᠪᠠᠨ ᠢᠯᠡᠳᠭᠡᠳᠡᠭ᠃

ᠶᠠᠭᠤ ᠬᠢᠪᠡᠯ ᠵᠦᠪ ᠪᠤᠢ ᠬᠡᠬᠦ ᠳᠦ᠂ᠶᠠᠭᠤ ᠬᠢᠵᠦ ᠦᠯᠦ ᠪᠤᠯᠬᠤ ᠵᠢᠨ ᠬᠤᠷᠢᠭ᠎ᠠ ᠴᠡᠭᠡᠷ ᠴᠦ ᠪᠤᠢ᠃ᠲᠤᠷ᠎ᠠ ᠪᠡᠷ ᠵᠢᠡᠨ ᠬᠤᠭ ᠬᠠᠶᠠᠬᠤ ᠦᠭᠡᠢ᠂ᠬᠡᠷᠡᠮ ᠬᠠᠨ᠎ᠠ ᠲᠡᠭᠡᠷ᠎ᠠ ᠵᠢᠷᠤᠵᠦ ᠡᠷᠢᠶᠡᠴᠢᠬᠦ ᠦᠭᠡᠢ᠂ᠪᠤᠵᠠᠷ ᠮᠠᠭᠤᠬᠠᠢ ᠦᠭᠡ ᠶᠠᠷᠢᠬᠤ ᠦᠭᠡᠢ᠂ᠤᠯᠠᠨ ᠨᠠᠢᠳᠡ ᠵᠢᠨ ᠭᠠᠵᠠᠷ ᠲᠦ ᠦᠢᠮᠡᠵᠦ ᠱᠤᠤᠬᠢᠯᠳᠤᠬᠤ ᠦᠭᠡᠢ᠂ᠪᠡᠯᠬᠡ ᠲᠡᠮᠪᠡᠷᠢᠯ ᠦᠭᠡᠢ ᠵᠦᠢᠯ ᠢ ᠦᠬᠦᠯᠡᠬᠦ ᠦᠭᠡᠢ᠂ᠦᠯᠦᠬᠡᠢ ᠲᠠᠢ ᠬᠡᠥᠬᠡᠳ ᠦᠨ ᠴᠢᠷᠠᠢ ᠵᠢ ᠰᠡᠬᠦᠳᠡᠷᠯᠡᠬᠦ ᠦᠭᠡᠢ᠂ᠬᠡᠷ ᠦᠨ ᠡᠵᠡᠨ ᠦ ᠪᠠᠷᠢᠭᠰᠠᠨ ᠠᠷᠢᠬᠢ ᠵᠢ ᠲᠡᠪᠴᠢᠬᠦ ᠦᠭᠡᠢ᠋᠁ᠡᠳᠡᠭᠡᠷ ᠤᠯᠠᠨ ᠬᠤᠷᠢᠭ᠎ᠠ ᠴᠡᠬᠡᠷ ᠪᠠ ᠬᠡᠵᠢᠶᠡᠳᠡ ᠪᠠᠶᠠᠰᠤᠩᠭᠤᠢ ᠪᠠᠢᠳᠠᠭ ᠤᠪᠤᠷ ᠵᠠᠩ ᠨᠢ ᠠᠮᠢᠳᠤᠷᠠᠯ ᠦᠨ ᠬᠢᠨᠢ ᠠᠷᠢᠭᠤᠨ ᠴᠡᠪᠡᠷ ᠢ ᠪᠦᠷᠢᠯᠳᠦᠬᠦᠯᠦᠭᠰᠡᠨ|ᠲᠡᠷᠡ ᠨᠢ ᠪᠤᠳᠠᠰ ᠦᠨ ᠪᠠ ᠤᠶᠤᠨ ᠦ ᠠᠷᠢᠭᠤᠨ ᠴᠡᠪᠡᠷ ᠪᠦᠬᠡᠳ ᠰᠢᠳᠦᠯᠬᠡ ᠪᠢᠰᠢᠷᠡᠯ᠂ᠬᠢᠯᠪᠡᠷ ᠠᠪᠰᠠᠷᠬᠠᠨ ᠵᠡᠷᠬᠡ ᠤᠢᠯᠠᠭᠠᠭᠳᠠᠬᠤᠨ ᠲᠠᠢ ᠨᠢ  ᠠᠭᠤᠰᠤᠯᠳᠤᠨ ᠵᠤᠬᠢᠴᠠᠭᠠᠳ᠂ᠦᠷᠳᠡᠭ ᠦᠨ ᠦᠵᠡᠯᠲᠡ ᠵᠢᠨ ᠬᠢᠨᠢ ᠶᠡᠷᠦᠩᠬᠡᠢ ᠢᠯᠡᠷᠡᠯ ᠪᠤᠯᠤᠭᠰᠠᠨ ᠪᠠᠢᠨ᠎ᠠ᠃

ᠦᠨᠡᠨ ᠶᠤᠰᠤ ᠶᠡᠷᠦ ᠡᠴᠡ ᠬᠢᠯᠪᠡᠷ ᠪᠤᠷᠤᠭᠵᠢᠭᠤᠨ ᠪᠠᠢᠳᠠᠭ᠂ᠬᠠᠷᠢᠨ ᠶᠠᠭᠠᠬᠢᠵᠦ ᠬᠡᠷᠡᠭᠵᠢᠬᠦᠯᠬᠦ ᠨᠢ ᠭᠤᠤᠯ ᠭᠤᠭᠴᠤᠭ᠎ᠠ ᠪᠤᠯᠳᠠᠭ᠃



ᠵᠠᠮ ᠳᠦ ᠪᠠᠨ ᠴᠠᠢ ᠵᠢᠨ ᠰᠠᠴᠤᠯᠢ ᠡᠷᠭᠦᠵᠦ ᠠᠮᠤᠷ ᠮᠡᠨᠳᠦ ᠲᠠᠭᠠᠳᠬᠠᠳᠠᠭ

ᠨᠠᠰᠤᠲᠠᠳ ᠦᠷᠯᠦᠬᠡ ᠪᠦᠷᠢ ᠮᠦᠩᠬᠡ ᠲᠡᠭᠷᠢ ᠳᠦ ᠪᠠᠨ ᠴᠠᠢ ᠰᠦ᠋ ᠵᠢᠨ ᠲᠡᠭᠡᠵᠢ ᠪᠠᠨ ᠡᠷᠭᠦᠵᠦ᠂ᠬᠡᠰᠢᠭ᠌ ᠢᠪᠡᠭᠡᠯ ᠳᠦ ᠨᠢ ᠲᠠᠯᠠᠷᠬᠠᠨ᠎ᠠ

ᠮᠤᠩᠭᠤᠯ ᠦᠨ ᠡᠯ᠎ᠠ ᠭᠠᠵᠠᠷ ᠲᠦ ᠪᠦᠷ ᠪᠦᠬᠡ ᠵᠢᠨ ᠲᠤᠷᠠᠰᠬᠠᠯ ᠦᠨ ᠤᠷᠳᠤᠨ ᠲᠠᠢ

ᠮᠦᠷᠡᠨ ᠬᠤᠳᠠ ᠵᠢᠨ ᠲᠦᠪ ᠲᠠᠯᠠᠪᠠᠢ ᠳᠦ ᠪᠠᠢᠢᠭ᠎᠎ᠠ ᠴᠢᠩᠬᠦᠨᠵᠠᠪ ᠦᠨ ᠬᠦᠰᠢᠶ᠎ᠠ

ᠮᠤᠩᠭᠤᠯ ᠦᠨ ᠵᠠᠯᠠᠭᠤᠰ ᠲᠤᠮᠤ ᠴᠤᠭᠯᠠᠭᠠᠨ ᠳᠦ ᠲᠦᠷᠦ ᠵᠢᠨ ᠲᠠᠯᠪᠠᠭ᠎ᠠ ᠵᠢᠨ ᠵᠢᠷᠤᠭ ᠢ ᠴᠢᠷᠠᠢ ᠳᠦ ᠪᠠᠨ ᠨᠠᠭᠠᠬᠤ ᠲᠤᠷᠠᠲᠠᠢ

ᠳ ᠨᠠᠴᠤᠭᠳᠤᠷᠵᠢ ᠵᠢᠨ ᠰᠢᠯᠦᠭ ᠢ ᠲᠦᠷᠦᠭᠰᠡᠨ ᠨᠤᠲᠤᠭ ᠦᠨ ᠬᠢᠨᠢ ᠤᠪᠤᠭᠠᠨ ᠦ ᠬᠢᠨᠢ ᠲᠡᠷᠭᠡᠳᠡ ᠴᠢᠯᠠᠭᠤᠨ᠎ᠠ ᠰᠡᠢᠢᠯᠵᠠᠢ

ᠬᠦᠬᠦᠷ ᠵᠦᠷᠢᠬᠦᠯᠦᠨ᠎ᠠ

ᠪᠠᠢᠢᠭᠠᠯᠢ ᠳᠦ ᠪᠠᠨ ᠬᠠᠢᠢᠷᠠᠲᠠᠢ ᠪᠠᠢᠢᠬᠤ ᠵᠢ ᠰᠠᠨᠠᠭᠤᠯᠤᠭᠰᠠᠨ ᠫᠠᠢᠢᠰᠠ ᠲᠠᠢ ᠪᠠᠢᠢᠩᠭᠤ ᠲᠤᠬᠢᠶᠠᠯᠳᠤᠨ᠎ᠠ

ᠭᠠᠭᠴᠠ ᠴᠢᠯᠠᠭᠤ ᠵᠢ ᠴᠦ ᠪᠢᠰᠢᠷᠡᠨ ᠬᠦᠨᠳᠦᠳᠭᠡᠨ᠎ᠠ

ᠰᠤᠮᠤ ᠪᠠᠭ ᠦᠨ ᠵᠠᠮ ᠦᠨ ᠠᠮᠠᠨ ᠳᠦ ᠪᠦᠷ ᠠᠶᠠᠨ ᠵᠠᠮ ᠦᠨ ᠠᠮᠤᠷ ᠮᠡᠨᠳᠦ ᠵᠢ ᠬᠦᠰᠡᠭᠰᠡᠨ ᠦᠬᠡ ᠪᠢᠴᠢᠬᠡᠰᠦᠲᠠᠢ

ᠲᠤᠷᠤᠨᠠᠳᠦ ᠠᠢᠢᠮᠠᠭ ᠦᠨ ᠵᠡᠭᠡᠯᠢ ᠪᠡᠷ ᠶᠠᠪᠤᠭ᠎ᠠ ᠦᠬᠡᠷ ᠦᠳ



ᠵᠤᠬᠢᠶᠠᠭᠴᠢ᠄ ᠪᠠᠶᠠᠷ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄
ᠳᠠᠷᠤᠮ᠄ 614
ᠴᠠᠭ᠄ 2015 ᠤᠨ ᠤ 07 ᠰᠠᠷ᠎ᠠ ᠶᠢᠨ 08
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁