ᠦᠵᠦᠮᠦᠴᠢᠨ ᠬᠤᠨᠢ

《ᠦᠵᠦᠮᠦᠴᠢᠨ ᠬᠤᠨᠢ》ᠪᠷᠠᠨᠳ᠋ ᠲᠠᠭᠤᠷᠢᠰᠬᠠᠯ ᠰᠠᠢᠲᠠᠢ᠂ᠲᠠᠶᠠᠭᠠᠷ ᠲᠦ ᠠᠯᠳᠠᠷᠲᠠᠢ᠃ᠦᠵᠦᠮᠦᠴᠢᠨ ᠬᠤᠨᠢ ᠬᠡᠵᠦ ᠶᠠᠮᠠᠷ ᠤᠨᠴᠠᠯᠢᠭ ᠲᠠᠢ ᠪᠤᠢ᠂ᠪᠠᠷᠠᠭᠤᠨ ᠦᠵᠦᠮᠦᠴᠢᠨ ᠬᠤᠰᠢᠭᠤ ᠦᠵᠦᠮᠦᠴᠢᠨ ᠬᠤᠨᠢ ᠪᠠᠨ ᠬᠡᠷᠬᠢᠨ ᠬᠦᠭᠵᠢᠬᠦᠯᠵᠦ ᠪᠠᠢᠭ᠎ᠠ ᠪᠠᠢᠳᠠᠯ ᠲᠠᠢ ᠲᠠᠨᠢᠯᠴᠠᠬᠤ ᠬᠡᠮᠡᠨ ᠪᠢ ᠰᠡᠬᠦᠯ ᠦᠨ ᠬᠡᠳᠦᠨ ᠡᠳᠦᠷ ᠪᠠᠷᠠᠭᠤᠨ ᠦᠵᠦᠮᠦᠴᠢᠨ ᠬᠤᠰᠢᠭᠤᠨ ᠦ ᠲᠡᠳ᠋ ᠲᠠᠷᠤᠭ᠎ᠠ ᠪᠤᠯᠤᠳ ᠢ ᠰᠤᠷᠪᠤᠯᠵᠢᠯᠠᠭᠰᠠᠨ ᠪᠢᠯᠡ᠃

ᠦᠵᠦᠮᠦᠴᠢᠨ ᠬᠤᠨᠢᠨ ᠦ ᠦᠨᠳᠦᠰᠦᠨ ᠪᠠᠢᠳᠠᠯ ᠦᠨ ᠲᠤᠬᠠᠢ ᠶᠠᠷᠢᠭᠠᠳ ᠦᠭᠭᠦᠨ᠎ᠠ ᠦᠦ?

《ᠦᠵᠦᠮᠦᠴᠢᠨ ᠬᠤᠨᠢ》ᠬᠡᠪᠡᠯ ᠮᠡᠳᠡᠬᠡᠵᠢ ᠦᠵᠦᠮᠦᠴᠢᠨ ᠨᠤᠲᠤᠭ ᠡᠴᠡ ᠡᠬᠢ ᠡᠬᠦᠰᠦᠯ ᠲᠠᠢ᠂ᠦᠵᠦᠮᠦᠴᠢᠨ ᠨᠤᠲᠤᠭ ᠦᠨ ᠬᠦᠷᠦᠰᠦ ᠰᠢᠷᠤᠢ᠂ᠤᠰᠤ ᠤᠷᠭᠤᠮᠠᠯ᠂ᠴᠠᠭ ᠠᠭᠠᠷ ᠦᠨ ᠨᠦᠬᠦᠴᠡᠯ ᠳᠦ ᠤᠳᠠᠭᠠᠨ ᠬᠤᠭᠤᠴᠠᠭ᠎ᠠ ᠪᠡᠷ ᠰᠢᠯᠢᠵᠦ ᠪᠦᠢᠵᠢᠭᠤᠯᠤᠭᠰᠠᠨ ᠮᠤᠩᠭᠤᠯ ᠬᠤᠨᠢᠨ ᠦ ᠰᠢᠯᠢᠳᠡᠭ ᠡᠭᠦᠯᠳᠡᠷ ᠦᠨ ᠨᠢᠬᠡᠨ᠃1982ᠤᠨ ᠳᠦ ᠤᠯᠤᠰ ᠦᠨ ᠲᠠᠷᠢᠶᠠᠯᠠᠩ ᠦᠨ ᠶᠠᠮᠤᠨ᠂ᠪᠠᠷᠢᠮᠵᠢᠶᠠᠨ ᠦ ᠶᠡᠷᠦᠩᠬᠡᠢ ᠲᠤᠪᠴᠢᠶ᠎ᠠ ᠡᠴᠡ《ᠦᠵᠦᠮᠦᠴᠢᠨ ᠬᠤᠨᠢ》ᠵᠢ ᠲᠤᠬᠠᠢ ᠵᠢᠨ ᠭᠠᠵᠠᠷ ᠦᠨ ᠰᠢᠯᠢᠳᠡᠭ ᠡᠭᠦᠯᠳᠡᠷ ᠬᠡᠬᠦ ᠵᠢ ᠵᠢᠩᠬᠢᠨᠢ ᠪᠡᠷ ᠵᠦᠪᠰᠢᠶᠡᠷᠡᠭᠰᠡᠨ ᠶᠤᠮ᠃2000 ᠤᠨ ᠳᠦ ᠦᠵᠦᠮᠦᠴᠢᠨ ᠬᠤᠨᠢᠨ ᠦ ᠮᠢᠬ᠎ᠠ ᠦᠪᠦᠷ ᠮᠤᠩᠭᠤᠯ ᠦᠨ ᠦᠪᠡᠷᠳᠡᠭᠡᠨ ᠵᠠᠰᠠᠬᠤ ᠤᠷᠤᠨ ᠦ ᠲᠠᠷᠢᠶᠠᠯᠠᠩ ᠮᠠᠯ ᠠᠵᠦᠠ ᠬᠤᠢ ᠵᠢᠨ ᠭᠠᠷᠤᠯᠲᠠ ᠵᠢᠨ ᠨᠡᠷᠡᠲᠦ ᠪᠠᠷᠠᠨᠳ᠋ ᠲᠦ ᠪᠦᠷᠢᠳᠭᠡᠭᠳᠡᠵᠦ᠂2008 ᠤᠨ ᠳᠦ ᠪᠡᠭᠡᠵᠢᠩ ᠦᠨ ᠤᠯᠢᠮᠫᠢᠺ ᠦᠨ ᠴᠤᠭᠯᠠᠭᠠᠨ ᠳᠦ ᠤᠨᠴᠠ ᠬᠠᠩᠭᠠᠬᠤ ᠪᠦᠳᠦᠭᠡᠭᠳᠡᠭᠦᠨ᠂2010 ᠤᠨ ᠳᠦ ᠱᠠᠩᠬᠠᠢ ᠵᠢᠨ ᠲᠡᠯᠡᠬᠡᠢ ᠵᠢᠨ ᠦᠵᠡᠰᠬᠦᠯᠡᠩ ᠳᠦ ᠬᠠᠩᠭᠠᠬᠤ ᠪᠦᠳᠦᠭᠡᠭᠳᠡᠬᠦᠨ ᠪᠤᠯᠤᠭᠰᠠᠨ᠃

ᠦᠵᠦᠮᠦᠴᠢᠨ ᠬᠤᠨᠢᠨ ᠦ ᠪᠡᠶ᠎ᠠ ᠴᠤᠭᠴᠠᠰ ᠦᠨ ᠤᠨᠴᠠᠯᠢᠭ ᠰᠢᠨᠵᠢ ᠬᠡᠪᠡᠯ?

ᠦᠵᠦᠮᠦᠴᠢᠨ ᠬᠤᠨᠢ ᠴᠠᠬᠢᠷᠠᠭ ᠪᠦᠳᠦᠬᠦᠨ ᠪᠡᠶ᠎ᠠ ᠴᠤᠭᠴᠠᠰ ᠲᠠᠢ᠂ᠰᠡᠬᠦᠯ ᠲᠤᠮᠤ᠂ᠦᠬᠡᠬᠦ ᠮᠢᠬ᠎ᠠ ᠰᠠᠢᠲᠠᠢ᠂ᠬᠤᠷᠠᠭ᠎ᠠ ᠨᠢ ᠲᠦᠢᠯᠵᠢᠯᠲᠡ ᠪᠤᠢᠵᠢᠯᠲᠠ ᠲᠦᠷᠬᠡᠨ᠃ᠮᠢᠬ᠎ᠠ ᠪᠤᠯᠴᠢᠩ ᠨᠢ ᠲᠡᠭᠰᠢ ᠰᠠᠢᠨ ᠬᠦᠭᠵᠢᠭᠰᠡᠨ᠃ᠲᠦᠷᠪᠡᠨ ᠮᠦᠴᠢ ᠨᠢ ᠬᠦᠳᠡᠷ ᠪᠦᠳᠦᠬᠦᠨ᠂ᠦᠬᠡᠬᠦ ᠪᠡᠷ ᠪᠠᠭ᠎ᠠ ᠰᠡᠬᠦᠯ ᠲᠠᠢ᠃ᠲᠡᠢᠯᠦᠩᠬᠢ ᠨᠢ ᠬᠠᠷ᠎ᠠ ᠵᠢᠰᠤᠮ ᠦᠨ ᠪᠦᠬᠡᠳ ᠪᠠᠰᠠ ᠴᠠᠭᠠᠨ ᠪᠠ ᠠᠯᠠᠭ ᠵᠢᠰᠦᠮ ᠦᠨ ᠴᠦ ᠪᠤᠢ᠃ᠦᠵᠦᠮᠦᠴᠢᠨ ᠬᠤᠨᠢᠨ ᠦ ᠪᠤᠢᠵᠢᠯᠲᠠ ᠬᠤᠷᠳᠤᠨ᠂2.5~3ᠰᠠᠷ᠎ᠠ ᠪᠤᠯᠤᠭᠰᠠᠨ ᠡᠷ᠎ᠠ ᠬᠤᠷᠠᠭ᠎ᠠ29.5ᠺᠢᠯᠤᠭ᠍ᠷᠠᠮ᠂ᠦᠬᠢᠨ ᠬᠤᠷᠠᠭ᠎ᠠ24.9ᠺᠢᠯᠤᠭ᠍ᠷᠠᠮ ᠬᠦᠷᠴᠦ᠂6ᠰᠠᠷ᠎ᠠ ᠪᠤᠯᠬᠤ ᠪᠡᠷ ᠲᠤᠰ ᠲᠤᠰ 40 ᠺᠢᠯᠤᠭ᠍ᠷᠠᠮ᠂36ᠺᠢᠯᠤᠭ᠍ᠷᠠᠮ ᠬᠦᠷᠳᠡᠭ᠃ᠨᠠᠰᠤᠨ ᠳᠦ ᠬᠦᠷᠪᠡᠯ ᠡᠷ᠎ᠠ ᠬᠤᠨᠢ ᠨᠢ 60~70ᠺᠢᠯᠤᠭ᠍ᠷᠠᠮ᠂ᠡᠮ᠎ᠠ ᠬᠤᠨᠢ ᠨᠢ 56~62ᠺᠢᠯᠤᠭ᠍ᠷᠠᠮ ᠪᠤᠯᠳᠠᠭ᠃

ᠪᠠᠷᠠᠭᠤᠨ ᠦᠵᠦᠮᠦᠴᠢᠨ ᠬᠤᠰᠢᠭᠤᠨ ᠦ ᠦᠵᠦᠮᠦᠴᠢᠨ ᠬᠤᠨᠢ ᠲᠡᠵᠢᠬᠡᠵᠦ ᠦᠷᠡᠵᠢᠬᠦᠯᠵᠦ ᠪᠠᠢᠭ᠎ᠠ ᠪᠠᠢᠳᠠᠯ ᠦᠨ ᠵᠢᠡᠨ ᠲᠤᠬᠠᠢ ᠲᠠᠨᠢᠯᠴᠠᠭᠤᠯᠤᠭᠠᠳ ᠦᠭᠭᠦᠨ᠎ᠠ ᠦᠦ?

ᠦᠵᠦᠮᠦᠴᠢᠨ ᠬᠤᠨᠢ ᠲᠡᠵᠢᠬᠡᠵᠦ ᠦᠷᠡᠵᠢᠬᠦᠯᠬᠦ ᠦᠢᠯᠡᠰ ᠪᠤᠯ ᠪᠠᠷᠠᠭᠤᠨ ᠦᠵᠦᠮᠦᠴᠢᠨ ᠬᠤᠰᠢᠭᠤᠨ ᠦ ᠮᠠᠯ ᠠᠵᠦ ᠠᠬᠤᠢ ᠵᠢᠨ ᠲᠤᠯᠭᠠᠭᠤᠷᠢ ᠠᠵᠦ ᠦᠢᠯᠡᠰ ᠦᠨ ᠨᠢᠬᠡᠨ᠂ᠪᠦᠬᠦ ᠬᠤᠰᠢᠭᠤᠨ ᠦ 85% ᠵᠢᠨ ᠮᠠᠯᠴᠢᠨ ᠡᠷᠦᠬᠡ ᠵᠢᠨ ᠭᠤᠤᠯ ᠤᠷᠤᠯᠭ᠎ᠠ ᠨᠢ ᠦᠵᠦᠮᠦᠴᠢᠨ ᠬᠤᠨᠢ  ᠲᠡᠵᠢᠭᠡᠵᠦ ᠦᠷᠡᠵᠢᠬᠦᠯᠳᠡᠭ ᠡᠴᠡ ᠢᠷᠡᠯᠲᠡ ᠲᠠᠢ᠃ᠮᠠᠨ ᠦ ᠬᠤᠰᠢᠭᠤ ᠪᠠᠢᠭᠠᠯᠢ ᠵᠢᠨ ᠠᠮᠢ ᠠᠬᠤᠢ ᠪᠠᠨ ᠬᠠᠮᠠᠭᠠᠯᠠᠵᠦ᠂ᠤᠷᠭᠤᠮᠠᠯ ᠦᠨ ᠪᠦᠷᠬᠦᠴᠡ ᠵᠢ ᠰᠡᠷᠬᠦᠬᠡᠬᠦ ᠪᠡᠷ ᠤᠷᠢᠳᠠᠯ ᠪᠤᠯᠭᠠᠮ᠂ᠭᠠᠷᠤᠯᠲᠠ ᠪᠠᠨ ᠨᠡᠮᠡᠭᠳᠡᠬᠦᠯᠵᠦ᠂ᠮᠠᠯ ᠵᠢᠡᠨ ᠴᠦᠬᠡᠳᠭᠡᠵᠦ᠂ᠤᠷᠤᠯᠭ᠎ᠠ ᠪᠠᠨ ᠨᠡᠮᠡᠭᠳᠡᠬᠦᠯᠬᠦ ᠪᠡᠷ ᠵᠤᠷᠢᠵᠦ᠂ᠪᠠᠢᠭᠠᠯᠢ ᠵᠢᠨ ᠡᠬᠢ ᠪᠠᠶᠠᠯᠢᠭ ᠪᠠ ᠭᠠᠵᠠᠷ ᠵᠦᠢ ᠵᠢᠨ ᠲᠠᠪᠠᠭᠤᠯᠢᠭ ᠲᠦ ᠪᠠᠨ ᠲᠦᠰᠢᠭᠯᠡᠵᠦ᠂ᠬᠤᠰᠢᠭᠤᠨ ᠦ ᠪᠠᠨ ᠮᠠᠯ ᠠᠵᠦ ᠠᠬᠤᠢ ᠵᠢᠨ ᠬᠦᠭᠵᠢᠯᠲᠡ ᠵᠢᠨ ᠪᠠᠢᠳᠠᠯ ᠲᠠᠢ ᠤᠶᠠᠯᠳᠠᠭᠤᠯᠤᠨ᠂ᠦᠵᠦᠮᠦᠣᠢᠨ ᠬᠤᠨᠢᠨ ᠦ ᠰᠠᠢᠨ ᠡᠬᠦᠯᠳᠡᠷ ᠢ ᠲᠦᠭᠡᠮᠡᠯᠵᠢᠬᠦᠯᠬᠦ ᠵᠢᠨ ᠲᠦᠯᠦᠬᠡ ᠦᠵᠦᠮᠦᠴᠢᠨ ᠬᠤᠨᠢᠨ ᠦ ᠰᠠᠢᠨ ᠡᠬᠦᠯᠳᠡᠷ ᠦᠨ ᠬᠢᠵᠠᠭᠠᠷᠲᠦ ᠺᠤᠮᠫᠠᠨᠢ ᠵᠢ ᠭᠤᠤᠯᠳᠠᠯᠭ᠎ᠠ ᠲᠠᠢ ᠲᠡᠳᠬᠦᠨ ᠬᠦᠭᠵᠢᠬᠦᠯᠦᠭᠰᠡᠨ᠃ᠰᠡᠬᠦᠨ ᠦᠨ ᠬᠡᠳᠦᠨ ᠵᠢᠯ ᠦᠨ ᠴᠢᠷᠮᠠᠢᠯᠭ᠎ᠠ ᠪᠡᠷ ᠦᠵᠦᠮᠦᠴᠢᠨ ᠬᠤᠨᠢᠨ ᠦ ᠠᠵᠦ ᠦᠢᠯᠡᠰ ᠢ ᠪᠠᠭᠳᠠᠭᠠᠭᠰᠠᠨ ᠮᠠᠨ ᠦ ᠬᠤᠰᠢᠭᠤᠨ ᠦ ᠮᠠᠯ ᠠᠵᠦ ᠠᠬᠤᠢ ᠢᠯᠡᠳᠳᠡ ᠬᠦᠭᠵᠢᠭᠰᠡᠨ ᠪᠠᠢᠨ᠎ᠠ᠃2014 ᠤᠨ ᠳᠦ ᠦᠵᠦᠮᠦᠴᠢᠨ ᠬᠤᠨᠢ 200 ᠲᠦᠮᠡ ᠪᠤᠯᠪᠠ᠃2010 ᠤᠨ ᠳᠦ ᠲᠠᠷᠢᠶᠠᠯᠠᠩ ᠦᠨ ᠶᠠᠮᠤᠨ ᠡᠴᠡ ᠮᠠᠨ ᠦ ᠬᠤᠰᠢᠭᠤ ᠵᠢ ᠤᠯᠤᠰ ᠦᠨ ᠲᠡᠰ ᠦᠨ ᠤᠳᠦ ᠦᠶ᠎ᠠ ᠵᠢᠨ ᠲᠠᠷᠢᠶᠠᠯᠠᠩ ᠦᠨ ᠵᠢᠱᠢᠶ᠎ᠠ ᠦᠵᠡᠬᠦᠯᠬᠦ ᠲᠤᠭᠤᠷᠢᠭ ᠪᠤᠯᠭᠠᠭᠰᠠᠨ ᠪᠢᠯᠡ᠃

ᠰᠡᠭᠦᠯ ᠦᠨ ᠵᠢᠯ ᠤᠳ ᠲᠦ ᠂ᠮᠠᠨ ᠦ ᠬᠤᠰᠢᠭᠤ ᠮᠠᠯᠴᠢᠳ ᠦᠨ ᠤᠷᠤᠯᠭ᠎ᠠ ᠵᠢ ᠦᠷᠭᠦᠯᠵᠢᠯᠡᠩᠬᠦᠢ ᠨᠡᠮᠡᠭᠳᠡᠬᠦᠯᠬᠦ ᠵᠢ ᠠᠵᠢᠯ ᠦᠨ ᠭᠤᠤᠯᠳᠠᠯᠭ᠎ᠠ ᠪᠠᠨ ᠪᠤᠯᠭᠠᠵᠦ᠂ᠠᠵᠦ ᠦᠢᠯᠡᠳᠪᠦᠷᠢ ᠪᠡᠷ ᠮᠠᠯ ᠠᠵᠦ ᠠᠬᠤᠢ ᠵᠢ ᠬᠠᠷᠢᠭᠤ ᠲᠡᠳᠬᠦᠬᠦᠯᠬᠦ ᠠᠷᠭ᠎ᠠ ᠬᠡᠯᠪᠡᠷᠢ ᠠᠪᠴᠦ᠂ᠦᠵᠦᠮᠦᠴᠢᠨ ᠬᠤᠨᠢ᠂ᠰᠠᠢᠨ ᠡᠭᠦᠯᠳᠡᠷ ᠦᠨ ᠢᠳᠡᠰᠢᠨ ᠦᠬᠡᠷ ᠲᠡᠵᠢᠬᠡᠵᠦ ᠦᠷᠡᠵᠢᠬᠦᠯᠬᠦ ᠳᠦ ᠲᠦᠰᠢᠭᠯᠡᠨ᠂ᠠᠵᠦ ᠠᠬᠤᠢ ᠵᠢᠨ ᠪᠦᠳᠦᠴᠡ ᠪᠠᠨ ᠲᠤᠬᠢᠷᠠᠭᠤᠯᠵᠦ᠂ᠲᠠᠭᠠᠭᠤᠯᠤᠭᠴᠢ ᠠᠵᠦ ᠦᠢᠯᠡᠰ ᠢ ᠲᠡᠳᠭᠦᠨ ᠬᠦᠭᠵᠢᠬᠦᠯᠵᠦ᠂ᠮᠠᠯᠴᠢᠳ ᠦᠨ ᠬᠤᠷᠰᠢᠶ᠎ᠠ ᠪᠠᠢᠭᠤᠯᠬᠤ᠂ᠡᠷᠦᠬᠡ ᠬᠤᠯᠪᠤᠭᠠᠯᠠᠨ ᠡᠵᠡᠩᠨᠡᠬᠦ᠂ᠠᠮᠢ ᠠᠬᠤᠢ ᠳᠦ ᠬᠠᠯᠠ ᠦᠭᠡᠢ ᠠᠢᠯ ᠡᠷᠦᠬᠡ ᠵᠢᠨ ᠮᠠᠯ ᠦᠨ ᠲᠠᠯᠠᠪᠠᠢ ᠪᠠᠢᠭᠤᠯᠬᠤ ᠵᠢ ᠲᠡᠮᠵᠢᠨ ᠵᠤᠷᠢᠭᠵᠢᠭᠤᠯᠬᠤ ᠡᠴᠡ ᠭᠠᠷᠳᠠᠵᠦ᠂ᠮᠠᠯᠴᠢᠳ ᠢ ᠢᠳᠡᠪᠬᠢᠲᠠᠢ ᠬᠦᠳᠦᠯᠦᠨ ᠵᠢᠯᠤᠭᠤᠳᠴᠦ᠂ᠬᠡᠪᠴᠢᠶᠡᠵᠢᠭᠦᠯᠦᠭᠰᠡᠨ᠂ᠲᠤᠰᠬᠠᠢᠵᠢᠭᠤᠯᠤᠭᠰᠠᠨ᠂ᠠᠵᠦ ᠦᠢᠯᠡᠰᠵᠢᠬᠦᠯᠦᠭᠰᠡᠨ ᠵᠡᠮ ᠳᠦ ᠤᠷᠤᠭᠤᠯᠤᠭᠰᠠᠨ᠃ᠤᠳᠤ ᠬᠤᠴᠠ ᠵᠢ ᠲᠦᠪᠯᠡᠷᠡᠬᠦᠯᠦᠨ ᠠᠷᠠᠴᠢᠯᠠᠵᠦ ᠬᠠᠷᠢᠭᠤᠯᠵᠦ ᠪᠠᠢᠭ᠎ᠠ ᠪᠦᠬᠡᠳ ᠦᠵᠦᠮᠦᠴᠢᠨ ᠬᠤᠨᠢ ᠵᠢ ᠪᠠᠷᠢᠮᠵᠢᠶᠠᠵᠢᠭᠤᠯᠤᠨ ᠬᠦᠭᠵᠢᠬᠦᠯᠬᠦ 3100 ᠭᠠᠷᠤᠢ ᠰᠦᠷᠦᠭ᠂ᠬᠤᠴᠠ ᠲᠡᠵᠢᠬᠡᠬᠦ 200 ᠡᠷᠦᠬᠡ ᠲᠠᠢ ᠪᠤᠯᠵᠠᠢ᠃

ᠰᠤᠷᠠᠭ ᠵᠠᠩᠬᠢ ᠪᠠ ᠪᠠᠷᠠᠭ᠎ᠠ ᠲᠠᠸᠠᠷ ᠦᠨ ᠬᠦᠢᠯᠬᠡᠬᠡ ᠵᠢᠨ ᠬᠦᠭᠵᠢᠯᠲᠡ ᠵᠢ ᠲᠠᠭᠠᠯᠳᠤᠨ᠂ᠦᠵᠦᠮᠦᠴᠢᠨ ᠬᠤᠨᠢᠨ ᠦ ᠴᠢᠨᠠᠷ ᠴᠢᠨᠰᠠᠭ᠎ᠠ ᠤᠯᠠᠮ ᠵᠢᠡᠷ ᠬᠦᠮᠦᠰ ᠦᠨ ᠢᠳᠡᠬᠡᠯ ᠨᠠᠢᠳᠠᠪᠤᠷᠢ ᠵᠢ ᠤᠯᠵᠦ ᠪᠤᠢ᠃ ᠪᠢᠳᠡ ᠤᠯᠠᠮ ᠢᠯᠡᠬᠦᠦ ᠰᠢᠨᠵᠢᠯᠡᠬᠦ ᠤᠬᠠᠭᠠᠨᠴᠢ ᠪᠡᠷ ᠲᠡᠵᠢᠭᠡᠵᠦ ᠦᠷᠡᠵᠢᠬᠦᠯᠦᠨ᠂ᠬᠡᠮ ᠵᠢᠷᠤᠮ ᠲᠠᠢ ᠬᠠᠮᠢᠶᠠᠷᠴᠦ᠂ᠬᠦᠮᠦᠰ ᠲᠦ ᠨᠡᠩ ᠤᠯᠠᠨ ᠲᠡᠭᠡᠳᠦ ᠵᠡᠷᠬᠡᠯᠡᠯ ᠦᠨ ᠬᠤᠨᠢᠨ ᠮᠢᠬ᠎ᠠ ᠪᠠ ᠮᠠᠯ ᠠᠵᠦ ᠠᠬᠤᠢ ᠵᠢᠨ ᠪᠦᠳᠦᠭᠡᠭᠳᠡᠭᠦᠨ ᠬᠠᠩᠭᠠᠬᠤ ᠪᠡᠷ ᠴᠢᠷᠮᠠᠢᠬᠤ ᠪᠤᠯᠤᠨ᠎ᠠ᠃


ᠦᠵᠦᠮᠦᠴᠢᠨ ᠬᠤᠨᠢ

ᠬᠤᠷᠠᠭ᠎ᠠ ᠨᠤᠭᠤᠳ

ᠡᠮ᠎ᠠ ᠬᠤᠨᠢ

ᠬᠤᠴᠠ

ᠦᠷᠭᠦᠯᠵᠢ ᠰᠢᠯᠢᠳᠡᠭ ᠡᠭᠦᠯᠳᠡᠷ ᠦᠨ ᠮᠠᠯ ᠦᠨ ᠦᠵᠡᠬᠦᠯᠬᠡ ᠪᠠ ᠰᠢᠯᠭᠠᠷᠠᠭᠤᠯᠤᠯᠲᠠ ᠵᠤᠬᠢᠶᠠᠨ ᠪᠠᠢᠢᠭᠤᠯᠳᠠᠭ

ᠪᠠᠷᠠᠭᠤᠨ ᠦᠵᠦᠮᠦᠴᠢᠨ ᠬᠤᠰᠢᠭᠤᠨ ᠦ ᠦᠵᠦᠮᠦᠴᠢᠨ ᠬᠤᠨᠢᠨ ᠦ ᠰᠠᠢᠢᠨ ᠡᠭᠦᠯᠳᠡᠷ ᠦᠨ ᠬᠢᠵᠠᠭᠠᠷᠲᠦ ᠺᠤᠮᠫᠠᠨᠢ ᠵᠢᠨ ᠰᠢᠨᠵᠢᠯᠡᠬᠦ ᠤᠬᠠᠭᠠᠨ ᠮᠡᠷᠭᠡᠵᠢᠯ ᠦᠨ ᠠᠵᠢᠯᠲᠠᠨ ᠲᠤᠷᠰᠢᠯᠲᠠ ᠬᠢᠵᠦ ᠪᠤᠢ

ᠵᠤᠬᠢᠶᠠᠮᠠᠯ ᠬᠡᠬᠡᠯᠳᠦᠬᠦᠯᠬᠡ ᠪᠡᠷ ᠪᠤᠢᠢᠵᠢᠭᠤᠯᠤᠭᠰᠠᠨ ᠬᠤᠷᠠᠭ᠎ᠠ ᠨᠤᠭᠤᠳ ᠰᠠᠷ᠎ᠠ ᠪᠤᠯᠤᠭ᠎ᠠ ᠦᠭᠡᠢ ᠪᠡᠷ 10 ᠺᠢᠯᠤᠭ᠌ᠷᠠᠮ ᠪᠤᠯᠳᠠᠭ

ᠦᠵᠦᠮᠦᠴᠢᠨ ᠬᠤᠨᠢ ᠵᠢ ᠪᠠᠢᠢᠴᠠᠭᠠᠵᠦ ᠪᠤᠢ

ᠲᠤᠯᠠᠭᠠᠨ ᠮᠦᠷᠲᠡᠭᠡᠨ ᠮᠤᠤᠳ᠋ᠯᠢᠭ ᠤᠳᠤᠮᠠᠯ ᠠᠷᠠᠰᠦᠨ ᠲᠡᠷᠯᠢᠭ᠌

ᠬᠤᠨᠢ ᠬᠢᠷᠭᠠᠨ᠎ᠠ

ᠤᠨᠬᠠᠨᠪᠠᠶᠠᠷ ᠦᠨ ᠬᠢ ᠤᠳᠤᠬᠢᠴᠢᠯᠠᠭᠰᠠᠨ ᠮᠠᠯᠵᠢᠯ ᠦᠨ ᠲᠠᠯᠠᠪᠠᠢ ᠲᠠᠢ


ᠵᠤᠬᠢᠶᠠᠭᠴᠢ᠄ ᠲᠡᠮᠦᠷᠪᠡᠭᠠᠨ᠎᠎ᠠ
ᠢᠷᠡᠯᠲᠡ᠄ ᠦᠨᠳᠦᠰᠦᠲᠡᠨ ᠦ ᠵᠢᠷᠤᠭᠲᠦ ᠰᠡᠳᠭᠦᠯ ᠦᠨ ᠬᠤᠷᠢᠶ᠎ᠠ
ᠬᠠᠷᠢᠶ᠎ᠠ᠄ ᠦᠨᠳᠦᠰᠦᠲᠡᠨ ᠤ ᠵᠢᠷᠤᠭᠲᠤ ᠰᠡᠳᠬᠦᠯ
ᠳᠠᠷᠤᠮ᠄ 639
ᠴᠠᠭ᠄ 2015 ᠤᠨ ᠤ 07 ᠰᠠᠷ᠎ᠠ ᠶᠢᠨ 30
ᠨᠠᠢ᠌ᠷᠠᠭᠤᠯᠤᠭᠴᠢ᠄ ᠰᠠᠴᠤᠷᠠᠯ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁