ᠰᠠᠷᠢᠭ ᠴᠠᠭᠠᠨ ᠪᠤᠲᠤᠭᠤ

ᠳᠠᠭᠤᠴᠢᠨ᠄ ᠤᠷᠠᠨ ᠤᠩᠰᠢᠭᠴᠢ
ᠴᠤᠮᠤᠭ ᠤᠨ ᠬᠠᠷᠢᠶ᠎ᠠ᠄ ᠤᠷᠠᠨ ᠤᠩᠰᠢᠯᠭ᠎ᠠ
ᠤᠷᠠᠯᠢᠭ ᠤᠨ ᠬᠤᠪᠢᠶᠠᠷᠢ᠄ ᠲᠤᠳᠤ ᠤᠩᠰᠢᠯᠭ᠎ᠠ
ᠢᠷᠡᠯᠲᠡ᠄ ᠦᠭᠡᠯᠡᠳ ᠭᠠᠯᠳᠠᠨ ᠬᠠᠩᠭᠠᠪᠠ
ᠳᠠᠷᠤᠮ᠄ 4273
ᠴᠠᠭ᠄ 2008 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ burgud

        ᠡᠷᠳᠡ ᠣᠷᠢᠳᠤ ᠶᠢᠨ ᠴᠠᠭ ᠲᠤ ᠶᠤᠮ ᠭᠡᠨ᠎ᠡ᠃ ᠨᠢᠭᠡᠨ ᠶᠡᠭᠡ ᠪᠠᠶᠠᠨ ᠭᠦᠮᠤᠨ ᠳᠡᠭ᠍ᠷᠢ ᠶᠢᠨ ᠬᠠᠨ ᠡᠴᠡ ᠭᠡᠷᠭᠢᠮ ᠵᠡᠷᠭᠡ ᠭᠤᠷᠢᠯᠠᠵᠤ᠂ ᠵᠠᠭᠤᠨ ᠴᠠᠭᠠᠨ ᠳᠡᠮᠡᠭᠡ ᠪᠠᠷ ᠡᠷᠭᠦᠯ ᠪᠠᠷᠢᠴᠠᠯᠠᠬᠤ ᠪᠣᠯᠵᠤ᠂ ᠡᠳᠦᠷ ᠰᠦᠨᠢ ᠦᠭᠡᠶ ᠨᠠᠢ᠌ᠷ ᠨᠠᠭᠠᠳᠤᠮ ᠭᠢᠵᠤ ᠭᠡᠨ᠎ᠡ᠃

        ᠊᠊᠊᠊᠊᠊᠊᠊᠊᠊᠊᠊᠊᠊᠊ ᠬᠨ ᠬᠨ ᠁

        ᠊᠊᠊᠊᠊᠊᠊᠊᠊᠊᠊᠊᠊᠊᠊ ᠭᠢ ᠭᠢ ᠁

        ᠊᠊᠊᠊᠊᠊᠊᠊᠊᠊᠊᠊᠊᠊᠊ ᠮᠠᠷᠭᠠᠰᠢ ᠦᠷᠯᠦᠭᠡ ᠶᠢᠨ ᠮᠠᠠᠳᠤᠬᠤ ᠨᠠᠷᠠᠨ ᠶᠢᠡᠷ ᠮᠢᠨᠤ ᠳᠡᠮᠡᠭᠡᠨ ᠰᠥᠷᠦᠭ᠌ ᠡᠴᠡ ᠵᠠᠭᠤᠨ ᠴᠠᠭᠠᠨ ᠳᠡᠮᠡᠭᠡ ᠬᠤᠷᠢᠶᠠᠵᠤ ᠢᠷ᠎ᠠ᠂ ᠮᠠᠳᠠᠪᠠᠤ︖

        ᠊᠊᠊᠊᠊᠊᠊᠊᠊᠊᠊᠊᠊᠊᠊ ᠵᠠ᠃

        ᠊᠊᠊᠊᠊᠊᠊᠊᠊᠊᠊᠊᠊᠊᠊ ᠵᠠᠭᠤᠨ ᠳᠠᠨᠠᠨ ᠴᠠᠭᠠᠨ ᠳᠡᠮᠡᠭᠡ ᠰᠢᠤ᠃

        ᠊᠊᠊᠊᠊᠊᠊᠊᠊᠊᠊᠊᠊᠊᠊ ᠵᠠ ᠡᠵᠡ᠊ᠨᠳᠡᠨ ᠮᠢᠨᠢ︕

        ᠪᠠᠶᠠᠨ ᠤ ᠣᠯᠠᠨ ᠪᠠᠷᠤᠯᠠᠭ ᠨᠡᠷ ᠡᠢ᠌ᠰᠢ ᠳᠠᠢ᠌ᠰᠢ ᠪᠠᠨ ᠡᠷᠪᠠᠢ᠌ᠭᠦ ᠳᠡᠷᠪᠠᠢ᠌ᠭᠦ ᠪᠠᠷ ᠶᠢᠡᠨ ᠭᠦᠳᠡᠯᠵᠤ᠂ ᠪᠠᠶᠠᠨ ᠡᠵᠡᠨ ᠤ ᠪᠠᠨ ᠳᠡᠮᠡᠭᠡᠨ ᠰᠥᠷᠦᠭ᠌ ᠡᠴᠡ ᠴᠠᠭᠠᠨ ᠳᠡᠮᠡᠭᠡ ᠶᠢ ᠨᠢ ᠡᠳᠦᠷᠵᠢᠨ ᠰᠦᠨᠢᠵᠢᠨ ᠢᠯᠭᠠᠭᠠᠤᠨ᠂ ᠦᠷ ᠶᠢᠡᠷ ᠳᠤᠭᠠᠯᠠᠳᠠᠯ᠎ᠠ᠂ ᠶ‍ᠢᠷᠤ ᠶ‍ᠢᠰᠤᠨ ᠴᠠᠭᠠᠨ ᠳᠡᠮᠡᠭᠡ ᠪᠣᠯᠴᠢᠬᠠᠭᠠᠤᠨ ᠶᠠᠭᠠᠭᠢᠬᠤ ᠶᠢᠨ ᠠᠷᠭ᠎ᠠ ᠦᠭᠡᠶ ᠭᠠᠭᠴᠠ ᠴᠠᠭᠠᠨ ᠳᠡᠮᠡᠭᠡ ᠳᠤᠳᠠᠵᠤ ᠣᠷᠭᠢᠯ᠎ᠠ ᠭᠡᠨ᠎ᠡ᠃

        ᠊᠊᠊᠊᠊᠊᠊᠊᠊᠊᠊᠊᠊᠊᠊ ᠡᠢ ᠁ ᠣᠳᠤ ᠶᠠᠭᠠᠭᠢᠨ᠎ᠠ ⁈ ᠮᠠᠨ ᠤ ᠡᠵᠡᠨ ᠮᠠᠯᠠᠭᠠᠢ ᠳᠡᠭᠡᠷ᠎ᠡ ᠪᠠᠨ ᠵᠢᠩᠰᠠ ᠲᠡᠶ ᠪᠣᠯᠬᠤ ᠭᠡᠰᠡᠨ ᠴᠢᠨᠢ ᠳᠠᠨᠠᠨ ᠴᠠᠭᠠᠨ ᠳᠡᠮᠡᠭᠡ ᠨᠢᠭᠡ ᠳᠤᠳᠠᠴᠢᠬᠠᠯ᠎ᠠ᠃ ᠰᠠᠷᠢᠭ ᠴᠠᠭᠠᠨ ᠪᠣᠳᠤᠭᠤ ᠲᠡᠶ ᠶᠠᠷᠢᠭ ᠴᠠᠭᠠᠨ ᠢᠩᠭᠡ ᠡᠴᠡ ᠥᠭᠡᠷ᠎ᠡ ᠶᠠᠮᠠᠷ ᠴᠤ ᠴᠠᠭᠠᠨ ᠳᠡᠮᠡᠭᠡ ᠠᠯᠠᠭ᠎ᠠ ᠪᠠᠢ᠌ᠨ᠎ᠠ ᠰᠢᠤ ᠳ᠋ᠠ᠃ ᠶᠠᠭᠠᠭᠢᠨ᠎ᠠ︖

        ᠪᠠᠶᠠᠨ᠂ ᠡᠮᠴᠡᠭᠡᠢ ᠵᠠᠷᠤᠴᠠ ᠶᠢᠨ ᠶᠢᠡᠨ ᠥᠭᠦᠯᠡᠵᠤ ᠭᠤᠨᠢᠷᠬᠠᠬᠤ ᠶᠢ ᠰᠤᠨᠤᠰᠤᠭᠠᠤᠨ᠂ ᠭᠦᠮᠦᠰᠭᠡ ᠪᠠᠨ ᠵᠠᠩᠭᠢᠳᠤᠭᠠᠤᠨ ᠭᠦᠷᠯᠥᠢᠵᠤ ᠰᠠᠭᠤᠭᠰᠠᠨ ᠶᠢᠡᠨ᠂ ᠭᠡᠨᠡᠳᠲᠡ ᠢᠨᠢᠶᠠᠳᠤ ᠠᠯᠳᠠᠭᠠᠤᠨ᠂ ᠦᠷᠭᠦᠭᠡ ᠭᠡᠷ ᠡᠴᠡ ᠪᠠᠨ ᠭᠠᠷᠴᠠᠢ᠃

        ᠊᠊᠊᠊᠊᠊᠊᠊᠊᠊᠊᠊᠊᠊᠊ ᠶᠠᠭᠠᠭᠢᠨ᠎ᠠ ᠳ᠋ᠠ︖

        ᠊᠊᠊᠊᠊᠊᠊᠊᠊᠊᠊᠊᠊᠊᠊ ᠬᠨ ᠬᠨ ᠬᠨ ᠬᠨ ᠁ ᠣᠷᠢᠯᠠᠭᠠᠤᠨ ᠶᠠᠭᠠᠭᠢᠬᠤ ᠪᠣᠢ᠃ ᠭᠤᠤᠨᠢ ᠰᠢᠪᠰᠢᠭ᠌ ᠮᠢᠨᠢ︕

        ᠊᠊᠊᠊᠊᠊᠊᠊᠊᠊᠊᠊᠊᠊᠊ ᠡᠵᠡ᠊ᠨᠳᠡᠨ ᠮᠢᠨᠢ ᠳ᠋ᠠ᠂ ᠁

        ᠊᠊᠊᠊᠊᠊᠊᠊᠊᠊᠊᠊᠊᠊᠊ ᠣᠭᠢᠯᠠᠭᠠᠤᠨ ᠴᠤ ᠶᠠᠭᠠᠭᠢᠬᠤ ᠶᠤᠮ︕ ᠣᠯᠠ ᠶᠢᠨ ᠰᠢᠪᠰᠢᠭ᠌ ᠮᠢᠨᠢ︕

        ᠊᠊᠊᠊᠊᠊᠊᠊᠊᠊᠊᠊᠊᠊᠊ ᠡᠢ ᠡᠢ ᠁

        ᠊᠊᠊᠊᠊᠊᠊᠊᠊᠊᠊᠊᠊᠊᠊ ᠵᠠ᠂ ᠣᠬᠠᠭᠠᠨ ᠳᠤ ᠨᠢ ᠣᠬᠤᠭᠤᠤᠷ ᠨᠥᠭᠡᠷᠡᠭ᠍ᠰᠡᠨ ᠮᠠᠭᠤ ᠬᠤᠭ︕ ᠪᠣᠰᠤᠭᠠᠤᠨ ᠢᠷ᠎ᠠ ᠨᠠᠰᠢ ᠪᠠᠨ᠂ ᠶᠠᠷᠢᠭ ᠴᠠᠭᠠᠨ ᠢᠩᠭᠡ ᠶᠢ ᠨᠠᠮᠠᠵᠤ ᠭᠢᠭᠦ ᠣᠬᠠᠭᠠᠨ ᠴᠢᠮᠠᠳᠤ ᠠᠯᠠᠭ᠎ᠠ ᠦᠦ︖

        ᠊᠊᠊᠊᠊᠊᠊᠊᠊᠊᠊᠊᠊᠊᠊ ᠡ︖

        ᠊᠊᠊᠊᠊᠊᠊᠊᠊᠊᠊᠊᠊᠊᠊ ᠳᠡᠭᠡᠭᠡᠳ ᠶᠠᠭᠠᠭᠢᠪᠠ︖ ᠣᠳᠤᠬᠠᠨ ᠰᠠᠷᠢᠭ ᠴᠠᠭᠠᠨ ᠪᠣᠳᠤᠭᠤᠨ ᠡᠴᠡ ᠨᠢ ᠰᠠᠯᠭᠠᠭᠠᠤᠨ᠂ ᠶᠠᠷᠢᠭ ᠴᠠᠭᠠᠨ ᠢᠩᠭᠡ ᠶᠢ ᠭᠦᠭᠡᠭᠡᠭᠡᠳ ᠢᠷ᠎ᠠ︕

        ᠊᠊᠊᠊᠊᠊᠊᠊᠊᠊᠊᠊᠊᠊᠊ ᠵᠠ᠂ ᠵᠠ ᠡᠵᠡ᠊ᠨᠳᠡᠨ ᠡ᠃

        ᠊᠊᠊᠊᠊᠊᠊᠊᠊᠊᠊᠊᠊᠊᠊ ᠬᠨ ᠬᠨ ᠁

        ᠡᠵᠡᠨ ᠤ ᠪᠠᠨ ᠵᠠᠷᠯᠢᠭ ᠢ ᠪᠠᠶᠡᠯᠡᠭᠦᠯᠭᠦ ᠪᠠᠷ ᠡᠮᠴᠡᠭᠡᠢ ᠵᠠᠷᠤᠴᠠ ᠮᠤᠷᠢ ᠪᠠᠨ ᠡᠮᠡᠭᠡᠯᠯᠡᠭᠡᠳ᠂ ᠪᠠᠷᠠᠭᠠᠠᠳᠠᠵᠤ ᠬᠠᠷᠠᠭᠳᠠᠬᠤ ᠳᠡᠮᠡᠭᠡᠨ ᠰᠥᠷᠦᠭ᠌ ᠣᠷᠤᠭᠤ ᠪᠠᠢ᠌ᠳᠠᠭ ᠬᠤᠷᠳᠤ ᠪᠠᠷ ᠶᠢᠡᠨ ᠳᠠᠪᠭᠢᠵᠤ ᠭᠡᠨ᠎ᠡ᠃

        ᠢᠵᠢᠯᠢ ᠣᠯᠠᠨ ᠰᠥᠷᠦᠭ᠌ ᠤᠨ ᠶᠢᠡᠨ ᠳᠤᠮᠳᠠ ᠡᠵᠢ ᠲᠡᠶ ᠪᠠᠨ ᠬᠠᠮᠳᠤ ᠢᠳᠠᠰᠢᠯᠠᠵᠤ ᠪᠠᠢ᠌ᠭᠰᠠᠨ ᠰᠠᠷᠢᠭ ᠴᠠᠭᠠᠨ ᠪᠣᠳᠤᠭᠤ ᠶᠢ ᠪᠠᠷᠢᠵᠤ ᠠᠪᠣᠭᠠᠤᠨ᠂ ᠰᠢᠯᠪᠢ ᠶᠢ ᠨᠢ ᠳᠠᠯᠪᠢᠭᠰᠠᠨ ᠨᠤᠭᠳᠤ ᠪᠠᠷ ᠨᠤᠭᠳᠤᠯᠠᠵᠤ᠂ ᠰᠢᠷᠡᠭᠡ ᠭᠦᠷᠡᠩ ᠠᠳᠠ ᠶᠢᠨ ᠭᠦᠵᠦᠭᠦᠨ ᠡᠴᠡ ᠬᠤᠯᠪᠣᠵᠤ ᠬᠠᠶᠠᠴᠢᠬᠠᠭᠠᠤᠨ᠂ ᠣᠮᠤᠭ ᠶᠡᠭᠡ ᠶᠠᠷᠢᠭ ᠴᠠᠭᠠᠨ ᠢᠩᠭᠡ ᠶᠢ ᠣᠭᠤᠰᠤᠷᠯᠠᠵᠤ ᠭᠦᠳᠦᠯᠦᠭᠡᠳ᠂ ᠣᠷᠢᠶᠠᠯᠭᠠᠵᠤ ᠭᠤᠶᠠᠳᠠᠭᠠᠤᠨ ᠭᠦᠭᠡᠭᠡᠳ ᠢᠷᠠᠵᠤ ᠭᠡᠨ᠎ᠡ᠃

        ᠊᠊᠊᠊᠊᠊᠊᠊᠊᠊᠊᠊᠊᠊᠊ ᠶᠠᠷᠢᠭ ᠴᠠᠭᠠᠨ ᠢᠩᠭᠡ ᠶᠢ ᠳᠤᠮᠳᠠ ᠨᠢ ᠨᠢᠭᠤᠴᠢᠬᠠᠪᠠᠯ᠂ ᠶᠠᠭ ᠠᠷᠭ᠎ᠠ ᠦᠭᠡᠶ ᠵᠠᠭᠤᠨ ᠴᠠᠭᠠᠨ ᠳᠡᠮᠡᠭᠡ ᠪᠣᠯᠤᠯ᠎ᠠ᠃ ᠳᠠᠢ᠌ᠮᠤ ᠦᠦ᠂ ᠡᠵᠡ᠊ᠨᠳᠡᠨ ᠡ︖ ᠭᠢ ᠭᠢ ᠭᠢ ᠁

        ᠊᠊᠊᠊᠊᠊᠊᠊᠊᠊᠊᠊᠊᠊᠊ ᠳᠤᠭᠤᠢ ᠴᠢ︕ ᠬᠠᠭᠠᠷᠬᠠᠢ ᠭᠡᠩᠭᠡᠷᠭᠡ ᠶᠢ ᠬᠠᠮᠢᠶ᠎ᠠ ᠦᠭᠡᠶ ᠪᠣᠤ ᠣᠤᠭᠤᠭᠢᠯᠠ

                ᠂ ᠳᠡᠭ᠍ᠷᠢ ᠶᠢᠨ ᠭᠢᠯᠢᠩ ᠳᠤᠯᠤᠭᠠᠢ ᠳᠡᠭᠡᠷ᠎ᠡ ᠴᠢᠨᠢ ᠪᠠᠭᠤᠨ᠎ᠠ ᠰᠢᠤ᠃

        ᠊᠊᠊᠊᠊᠊᠊᠊᠊᠊᠊᠊᠊᠊᠊ ᠵᠠ᠃

        ᠮᠠᠠᠳᠤᠬᠤ ᠨᠠᠷᠠᠨ ᠶᠢᠡᠷ ᠪᠠᠶᠠᠨ ᠤ ᠮᠠᠩᠨᠠᠢ ᠳᠠᠨᠠᠢ᠌ᠵᠤ ᠪᠠᠶᠠᠰᠤᠭᠠᠤᠨ᠂ ᠳᠡᠭ᠍ᠷᠢ ᠶᠢᠨ ᠬᠠᠨ ᠤ ᠨᠤᠳᠤᠭ ᠣᠷᠤᠭᠤ ᠳᠠᠨᠠᠨ ᠴᠠᠭᠠᠨ ᠵᠠᠭᠤᠨ ᠳᠡᠮᠡᠭᠡ ᠪᠠᠨ ᠭᠦᠳᠡᠯᠭᠡᠵᠤ ᠭᠡᠨ᠎ᠡ᠃

        ᠶᠠᠷᠢᠭ ᠴᠠᠭᠠᠨ ᠢᠩᠭᠡ ᠶ‍ᠢᠷᠤ ᠶ‍ᠢᠰᠤᠨ ᠳᠡᠮᠡᠭᠡᠨ ᠤ ᠭᠢᠨᠢ ᠳᠤᠮᠳᠠ ᠨᠢ ᠶᠠᠷᠤ ᠣᠷᠤᠵᠤ ᠦᠭ‍ᠭᠦ ᠦᠭᠡᠶ᠂ ᠠᠳᠠᠭ ᠰᠡᠭᠦᠯ ᠳ᠋ᠤᠨᠢ ᠳᠤᠨᠤᠵᠤ᠂ ᠠᠷᠤᠠᠰᠢ ᠪᠠᠨ ᠳᠠᠮᠠᠤᠯᠠᠵᠤ᠂ ᠪᠠᠶᠠᠨ ᠪᠠᠷᠤᠯᠠᠭ ᠨᠡᠷ ᠢ ᠳᠤᠩ ᠴᠤ ᠶᠡᠭᠡ ᠵᠤᠪᠠᠭᠠᠵᠤ ᠭᠡᠨ᠎ᠡ᠃

        ᠁ ᠁

        ᠶᠠᠷᠢᠭ ᠴᠠᠭᠠᠨ ᠢᠩᠭᠡ ᠥᠭᠡᠳᠡ ᠪᠠᠨ ᠶᠠᠪᠣᠭᠰᠠᠨ ᠴᠤ ᠪᠦᠩ ᠪᠦᠩ ᠪᠣᠢ᠌ᠯᠠᠵᠤ᠂ ᠪᠦᠭᠡᠮ ᠪᠦᠭᠡᠮ ᠨᠢᠯᠪᠣᠰᠤ ᠣᠨᠠᠭᠠᠵᠤ᠂ ᠣᠷᠤᠭᠤ ᠪᠠᠨ ᠶᠠᠪᠣᠭᠰᠠᠨ ᠴᠤ ᠪᠦᠩ ᠪᠦᠩ ᠪᠣᠢ᠌ᠯᠠᠵᠤ᠂ ᠪᠦᠭᠡᠮ ᠪᠦᠭᠡᠮ ᠨᠢᠯᠪᠣᠰᠤ ᠣᠨᠠᠭᠠᠭᠠᠤᠨ᠂ ᠰᠠᠷᠢᠭ ᠴᠠᠭᠠᠨ ᠪᠣᠳᠤᠭᠤ ᠪᠠᠨ ᠪᠣᠳᠤᠵᠤ᠂ ᠪᠣᠢ᠌ᠯᠠᠵᠤ ᠬᠠᠢ᠌ᠯᠠᠵᠤ ᠭᠡᠨ᠎ᠡ᠃

        ᠰᠠᠷᠢᠭ ᠴᠠᠭᠠᠨ ᠪᠣᠳᠤᠭᠤ ᠰᠠᠢ᠌ᠬᠠᠨ ᠡᠵᠢ ᠪᠠᠨ ᠳᠠᠭᠤᠳᠠᠭᠠᠤᠨ᠂ ᠦᠷ ᠤᠨ ᠳᠠᠪᠤᠨ ᠵᠢᠩ ᠡᠴᠡ ᠠᠪᠣᠭᠠᠤᠨ ᠦᠳᠡᠰᠢ ᠶᠢᠨ ᠪᠦᠷᠦᠢ ᠪᠣᠯᠳᠠᠯ᠎ᠠ ᠭᠠᠳᠠᠰᠤ ᠪᠠᠨ ᠳᠤᠭᠤᠷᠢᠨ ᠬᠠᠢ᠌ᠯᠠᠵᠤ ᠣᠭᠢᠯᠠᠵᠤ ᠭᠡᠨ᠎ᠡ᠃

        ᠡᠵᠢ ᠳᠠᠢ᠌ᠬᠠᠨ ᠪᠣᠳᠤᠭᠤ ᠨᠢ

        ᠡᠵᠢ ᠪᠠᠨ ᠳᠠᠭᠠᠭᠠᠤᠨ ᠪᠣᠢ᠌ᠯᠠᠨ᠎ᠠ

        ᠡᠵᠢ ᠥᠭᠡᠢ᠌ᠭᠡᠨ ᠪᠣᠳᠤᠭᠤ ᠨᠢ

        ᠡᠩᠭᠡᠷ ᠴᠡᠭᠡᠵᠢᠨ ᠳᠡᠭᠡᠨ ᠮᠡᠭ᠍ᠰᠢᠵᠤ ᠣᠭᠢᠯᠠᠨ᠎ᠠ᠃

        ᠡᠪᠦᠳᠦᠭ᠌ ᠤᠨ ᠮᠢᠨᠢ ᠵᠤᠭᠳᠤᠷ

        ᠣᠷᠭᠤᠭᠰᠠᠨ ᠴᠤ ᠪᠣᠯᠤᠭᠠᠰᠠᠢ

        ᠦᠪᠣᠷ ᠤᠨ ᠬᠠᠩᠭ᠋ᠠᠢ ᠶᠢ ᠳᠠᠪᠠᠭᠠᠤᠨ

        ᠡᠵᠢ ᠳᠡᠭᠡᠨ ᠣᠴᠢᠬᠤ ᠶᠤᠮ ᠰᠠᠨ

        ᠊᠊᠊᠊᠊᠊᠊᠊᠊᠊᠊᠊᠊᠊᠊ ᠰᠢᠯᠢ ᠶᠢᠨ ᠮᠢᠨᠢ ᠵᠤᠭᠳᠤᠷ ᠣᠷᠭᠤᠭᠰᠠᠨ ᠴᠤ ᠪᠣᠯᠤᠭᠠᠰᠠᠢ᠂ ᠰᠢᠯᠢ ᠶᠢᠨ ᠬᠠᠩᠭ᠋ᠠᠢ ᠶᠢ ᠳᠠᠪᠠᠭᠠᠤᠨ ᠡᠵᠢ ᠳᠡᠭᠡᠨ ᠭᠦᠶ‍ᠦᠭᠡᠳ ᠣᠴᠢᠬᠤ ᠶᠤᠮᠰᠠᠨ᠃ ᠳᠠᠯ᠎ᠠ ᠶᠢᠨ ᠣᠯᠠᠨ ᠳᠡᠮᠡᠭᠡᠨ ᠳᠤᠮᠳᠠ ᠳᠠ ᠶᠠᠭᠤᠨ ᠳᠤ ᠪᠠᠢ᠌ᠬᠤ ᠦᠭᠡᠶ ᠪᠣᠢ︖ ᠡᠩᠭᠡᠷ ᠤᠨ ᠣᠯᠠᠨ ᠳᠡᠮᠡᠭᠡᠨ ᠳᠤᠮᠳᠠ ᠡᠵᠢ ᠮᠢᠨᠢ ᠶᠠᠭᠠᠭᠢᠭᠠᠤᠨ ᠠᠯᠠᠭ᠎ᠠ ᠪᠠᠢ᠌ᠨ᠎ᠠ︖

        ᠊᠊᠊᠊᠊᠊᠊᠊᠊᠊᠊᠊᠊᠊᠊ ᠡᠨᠡ ᠮᠠᠭᠤ ᠪᠣᠳᠤᠭᠤ ᠦᠷᠯᠦᠭᠡ ᠦᠳᠡᠰᠢ ᠦᠭᠡᠶ ᠣᠷᠢᠯᠠᠭᠠᠤᠨ᠂ ᠶᠠᠷᠤ ᠭᠦᠮᠤᠨ ᠣᠠᠳᠠᠭᠤᠯᠬᠤ ᠦᠭᠡᠶ ᠶᠤᠮ︕ ᠶᠠᠭᠠᠭᠢᠭᠰᠠᠨ ᠮᠠᠭᠤ ᠭᠠᠩᠰᠠ ᠤ ᠬᠤᠭ ᠪᠣᠢ︕ ᠠᠪᠣᠭᠠᠢ ᠬᠡᠦᠬᠡᠳ ᠤᠳ ᠳᠠ ᠨᠡᠷ ᠰᠠᠷᠢᠭ ᠴᠠᠭᠠᠨ ᠪᠣᠳᠤᠭᠤ ᠶᠢ ᠳᠠᠯᠪᠢᠵᠤ ᠭᠡᠷᠭᠢᠪᠠᠴᠤ ᠪᠣᠯᠬᠤ ᠦᠭᠡᠶ ᠰᠢᠤ᠃ ᠭᠡᠷᠪᠡ ᠡᠭᠦᠨ ᠢ ᠳᠠᠯᠪᠢᠬᠤ ᠶᠤᠮ ᠪᠣᠯ᠂ ᠭᠡᠢ ᠳᠠᠮᠠᠢ ᠦᠭᠡᠶ ᠪᠠᠷ ᠭᠡᠭᠡᠷ᠎ᠡ ᠶᠢᠨ ᠨᠤᠬᠠᠢ ᠶᠢᠨ ᠬᠤᠭᠤᠯᠠ ᠪᠣᠯᠵᠤ᠂ ᠵᠢᠯᠠᠭ᠎ᠠ ᠰᠤᠳᠠᠭ ᠪᠣᠵᠠᠷᠯᠠᠬᠤ ᠵᠠᠶᠠᠭ᠎ᠠ ᠦᠭᠡᠶ ᠮᠠᠭᠤ ᠠᠮᠢ ᠲᠡᠶ ᠰᠢᠤ᠃

        ᠊᠊᠊᠊᠊᠊᠊᠊᠊᠊᠊᠊᠊᠊᠊ 《ᠮᠠᠭᠤ ᠮᠠᠭᠤ ᠳᠠᠭᠠᠨ ᠳᠡᠭᠡᠷᠡᠯᠡᠭᠦᠤ᠂ ᠮᠤᠨᠠ ᠭᠠᠳᠠᠰᠤᠨ ᠳᠤ ᠪᠠᠨ ᠳᠡᠭᠡᠷᠡᠯᠡᠭᠦᠤ》 ᠭᠡᠭ᠍ᠴᠢ ᠪᠠᠷ ᠡᠨᠡ ᠪᠦᠷ ᠮᠤᠩᠬᠠᠭ ᠠᠮᠢᠳᠠᠨ ᠰᠢᠤ᠃

        ᠊᠊᠊᠊᠊᠊᠊᠊᠊᠊᠊᠊᠊᠊᠊ ᠦᠭᠡᠶ ᠶᠠᠷᠤ᠂ ᠦᠨᠦᠴᠢᠨ ᠠᠮᠢᠳᠠᠨ ᠳᠡᠭᠡᠷᠡᠯᠡᠭᠦ ᠦᠭᠡᠶ ᠥᠭᠡᠳᠡ ᠦᠭᠡᠶ ᠨᠤᠪᠰᠢ ᠪᠣᠢ᠃ ᠶᠠᠭᠠᠭᠢᠨ᠎ᠠ᠂ ᠶᠠᠭᠠᠭᠢᠨ᠎ᠠ᠂ ᠶᠠᠭᠠᠭᠢᠨ᠎ᠠ︖ ᠡᠨᠡ ᠮᠠᠭᠤ ᠪᠣᠳᠤᠭᠤ ᠪᠦᠷ ᠶᠠᠰᠤ ᠶᠠᠩᠭᠢᠨᠠᠳᠠᠯ᠎ᠠ ᠪᠣᠢ᠌ᠯᠠᠬᠤ ᠶᠤᠮ ᠭᠡᠵᠢ︕

        ᠰᠠᠷᠢᠭ ᠴᠠᠭᠠᠨ ᠪᠣᠳᠤᠭᠤ᠂ ᠬᠠᠪᠢᠷᠭ᠎ᠠ ᠭᠠᠵᠠᠷ ᠢ ᠬᠤᠤᠠᠳᠤᠭ ᠪᠣᠯᠳᠠᠯ᠎ᠠ ᠡᠷᠭᠢᠵᠤ ᠬᠠᠢ᠌ᠯᠠᠵᠤ ᠪᠣᠢ᠌ᠯᠠᠭᠠᠤᠨ ᠪᠠᠢ᠌ᠬᠤ ᠪᠠᠷ ᠨᠢ᠂ ᠠᠪᠠᠭᠠᠢ ᠭᠡᠦᠭᠡᠨ ᠤᠳ ᠬᠤᠭᠤᠷᠤᠠᠳᠤ ᠪᠠᠨ ᠰᠡᠮᠭᠡᠨ ᠶᠠᠷᠢᠯᠴᠠᠭᠠᠤᠨ᠂ ᠡᠮᠴᠡᠭᠡᠢ ᠵᠠᠷᠤᠴᠠ ᠶᠢ ᠳᠤᠭ ᠨᠣᠢ᠌ᠷ ᠲᠤ ᠪᠠᠨ ᠳᠤᠭᠵᠢᠷᠠᠵᠤ ᠪᠠᠢ᠌ᠬᠤ ᠳᠤ ᠨᠢ᠂ ᠰᠠᠷᠢᠭ ᠴᠠᠭᠠᠨ ᠪᠣᠳᠤᠭᠤ ᠶᠢ ᠰᠤᠯᠠᠯᠠᠵᠤ ᠳᠠᠯᠪᠢᠭᠠᠤᠨ᠂ ᠡᠵᠢ ᠪᠠᠨ ᠣᠯᠵᠤ ᠠᠭᠤᠯᠵᠠᠬᠤ ᠶᠢᠨ ᠢᠷᠦᠭᠡᠯ ᠪᠠᠯᠭᠡᠳᠡᠵᠤ᠂ ᠵᠠᠭᠤᠨ ᠴᠠᠭᠠᠨ ᠳᠡᠮᠡᠭᠡ ᠳᠠᠪᠠᠭᠰᠠᠨ ᠭᠦᠳᠦᠯ ᠳᠠᠰᠢ ᠵᠥᠭᠯᠡᠭᠦᠯᠵᠤ ᠭᠡᠨ᠎ᠡ᠃

        ᠡᠵᠢ ᠳᠡᠭᠡᠨ ᠵᠤᠷᠢᠭᠰᠠᠨ ᠪᠣᠳᠤᠭᠤ᠂ ᠳᠠᠪᠠᠭ᠎ᠠ ᠳᠠᠪᠠᠭ᠎ᠠ ᠶᠢ ᠳᠠᠪᠠᠵᠤ᠂ ᠳᠠᠯᠠᠠᠳᠠᠢ ᠶᠢᠨ ᠰᠢᠯᠢ ᠶᠢ ᠴᠢᠭᠯᠡᠭᠡᠳ᠂ ᠭᠦᠪᠠᠢ ᠭᠦᠪᠠᠢ ᠶᠢ ᠳᠠᠪᠠᠵᠤ᠂ ᠭᠦᠡᠳᠡᠢ ᠶᠢᠨ ᠭᠤᠪᠢ ᠶᠢ ᠴᠢᠭᠯᠡᠭᠡᠳ᠂ ᠨᠤᠯᠤᠤᠷ ᠦᠰᠦ ᠪᠠᠨ ᠨᠤᠷᠣᠢ᠌ᠯᠠᠭᠠᠭᠠᠤᠨ ᠨᠤᠮᠤᠢ ᠭᠤᠩᠭ᠋ᠠᠨᠢᠭᠤᠨ ᠳᠠᠭᠤ ᠪᠠᠨ ᠭᠠᠷᠭᠠᠭᠠᠤᠨ᠂ ᠡᠳᠦᠷ ᠰᠦᠨᠢ ᠦᠭᠡᠶ ᠳᠠᠨᠤᠵᠤ᠂ ᠦᠯᠦᠰᠴᠤ ᠴᠠᠩᠭ᠋ᠠᠬᠤ ᠶᠢ ᠴᠤ ᠮᠠᠷᠳᠠᠵᠤ᠂ ᠥᠭᠡᠳᠡ ᠡᠰᠡᠷᠭᠦᠤ ᠳᠠᠪᠠᠷᠭᠠᠯᠠᠵᠤ ᠶᠠᠪᠣᠳᠠᠯ᠎ᠠ᠂ ᠭᠡᠨᠡᠳᠲᠡ ᠬᠤᠶᠠᠷ ᠴᠢᠨ᠋ᠸ᠎ᠠ ᠠᠷᠠᠭ᠎ᠠ ᠰᠢᠳᠤ ᠪᠠᠨ ᠪᠢᠯᠡᠭᠦᠳᠡᠵᠤ᠂ ᠠᠮᠠᠳᠠᠵᠤ ᠭᠡᠳᠡᠭᠡᠳ ᠣᠴᠠᠷᠠᠵᠤ ᠭᠡᠨ᠎ᠡ᠃

        ᠊᠊᠊᠊᠊᠊᠊᠊᠊᠊᠊᠊᠊᠊᠊ ᠭᠦᠶ‍ᠢ᠂ ᠴᠢ ᠳᠠᠷᠠ ᠶᠢ ᠬᠠᠷᠠ ᠡ᠃

        ᠊᠊᠊᠊᠊᠊᠊᠊᠊᠊᠊᠊᠊᠊᠊ ᠡᠨ︕ ᠡᠨᠡ ᠴᠢᠨᠢ ᠪᠣᠳᠤᠭᠤ ᠦᠦ ᠳ᠋ᠠ︖

        ᠊᠊᠊᠊᠊᠊᠊᠊᠊᠊᠊᠊᠊᠊᠊ ᠬᠨ ᠬᠨ ᠬᠨ᠂ ᠦᠨᠦᠳᠤᠷ ᠴᠢᠨᠢ ᠶᠠᠭᠠᠭᠢᠭᠰᠠᠨ ᠰᠠᠢ᠌ᠬᠠᠨ ᠡᠳᠦᠷ ᠪᠣᠢ︖ ᠦᠪᠡᠷ ᠶᠢᠡᠨ ᠭᠦᠶ‍ᠦᠭᠡᠳ ᠢᠷᠡᠳᠡᠭ᠌ ᠥᠨᠡᠭᠡᠷ ᠠᠮᠳᠠᠳᠠᠢ ᠬᠤᠭᠤᠯᠠ ᠭᠡᠵᠤ ᠪᠠᠰᠠ ᠪᠠᠢ᠌ᠳᠠᠭ ᠡ᠃ ᠦᠨᠡᠨ ᠦᠦ ᠡᠨᠡ︖ ᠬᠨ ᠬᠨ ᠁

        ᠊᠊᠊᠊᠊᠊᠊᠊᠊᠊᠊᠊᠊᠊᠊ ᠬᠠᠷᠢᠨ ᠳᠠᠢ᠌ᠮᠤ ᠡ᠃ ᠪᠢ ᠴᠤ ᠭᠡᠰᠡᠨ ᠬᠠᠷᠠᠬᠤ ᠨᠢᠳᠤᠨ ᠳᠤ ᠪᠠᠨ ᠢᠳᠡᠭᠡᠵᠤ ᠦᠭ‍ᠭᠦ ᠦᠭᠡᠶ ᠯᠠ ᠪᠠᠢ᠌ᠨ᠎ᠠ᠃ ᠭᠡᠪᠠᠴᠤ ᠮᠢᠨᠤ ᠬᠠᠮᠠᠷ ᠨᠢᠳᠡᠷᠡᠭᠡᠳ ᠪᠠᠢ᠌ᠨ᠎ᠠ᠃ ᠵᠥᠭᠡᠯᠡᠨ ᠮᠢᠬ᠎ᠠ ᠢᠳᠠᠯ ᠦᠭᠡᠶ ᠶᠡᠭᠡ ᠣᠳᠠᠵᠠᠢ᠃ ᠳᠠᠷᠠ ᠵᠢᠯ ᠳᠦᠭᠡᠷᠢᠭ᠍ᠰᠡᠨ ᠢᠰᠢᠭᠡ ᠢᠳᠠᠯ᠎ᠠ᠂ ᠡᠨᠡ ᠴᠢᠨᠢ ᠶᠠᠭᠠᠭᠢᠯ᠎ᠠ︖

        ᠊᠊᠊᠊᠊᠊᠊᠊᠊᠊᠊᠊᠊᠊᠊ ᠡᠧ᠂ ᠶᠠᠮᠠᠷ ᠰᠠᠢ᠌ᠬᠠᠨ ᠰᠤᠨᠤᠰᠳᠠᠵᠤ ᠪᠠᠢ᠌ᠨ᠎ᠠ︖ ᠶᠠᠭᠠᠭᠢᠬᠤ ᠠᠷᠭ᠎ᠠ ᠦᠭᠡᠶ ᠣᠯᠵᠠ ᠳᠠᠭᠠᠷᠠᠯ᠎ᠠ᠃

        ᠊᠊᠊᠊᠊᠊᠊᠊᠊᠊᠊᠊᠊᠊᠊ ᠭᠢ ᠭᠢ ᠭᠢ ᠁

        ᠦᠯᠦᠨ ᠴᠢᠨ᠋ᠸ᠎ᠠ ᠥᠭᠡᠳᠡ ᠡᠴᠡ ᠨᠢ ᠳᠠᠭᠠᠷᠢᠬᠤ ᠳᠤ᠂ ᠦᠨᠦᠴᠢᠨ ᠪᠣᠳᠤᠭᠤ ᠡᠪᠦᠳᠦᠭ᠌ ᠰᠥᠭᠦᠷᠦᠭᠡᠳ᠂ ᠢᠩᠭᠢᠵᠤ ᠭᠡᠯᠡᠵᠡᠢ᠄

        ᠊᠊᠊᠊᠊᠊᠊᠊᠊᠊᠊᠊᠊᠊᠊ ᠳᠠᠭᠠᠯᠠᠯ ᠶᠢᠡᠷ ᠶᠢᠡᠨ ᠯᠠ ᠪᠣᠯ ᠳ᠋ᠠ᠂ ᠣᠳᠤ ᠶᠠᠭᠠᠭᠢᠶ᠎ᠠ ᠭᠡᠭᠦ ᠪᠣᠢ᠃ ᠣᠭ ᠨᠢ ᠪᠢ ᠡᠵᠢ ᠳᠤ ᠪᠠᠨ ᠵᠤᠷᠢᠵᠤ ᠶᠠᠪᠣᠭᠰᠠᠨ ᠶᠤᠮᠰᠠᠨ᠃ ᠶᠡᠭᠡ ᠭᠡᠷᠡᠭ᠌ ᠮᠢᠨᠢ ᠢᠩᠭᠢᠵᠤ ᠨᠤᠷᠠᠬᠤ ᠳᠠᠪᠢᠯᠠᠩ ᠲᠡᠶ ᠶᠤᠮ ᠪᠠᠢ᠌ᠵᠠᠢ ᠳ᠋ᠠ᠃

        ᠊᠊᠊᠊᠊᠊᠊᠊᠊᠊᠊᠊᠊᠊᠊ ᠶᠡᠭᠡ ᠭᠡᠷᠡᠭ᠌ ᠭᠡᠨ᠎ᠡ ᠦᠦ︖ ᠶᠡᠭᠡᠭᠡᠨ ᠳᠠᠪᠢᠯᠠᠭᠤ ᠪᠣᠳᠤᠭᠤ ᠪᠠᠢ᠌ᠬᠤ ᠴᠢᠨᠢ ᠪᠣᠢ᠂ ᠡᠷᠭᠡᠯᠡᠵᠤ ᠡᠷᠭᠡᠯᠡᠵᠤ ᠳᠦᠭᠡᠷᠢᠴᠢᠭᠡᠭᠡᠳ᠂ ᠡᠭᠡ ᠶᠢ ᠪᠠᠨ ᠵᠤᠪᠠᠭᠠᠵᠤ ᠵᠤᠪᠠᠭᠠᠴᠢᠬᠠᠭᠠᠤᠨ᠂ ᠵᠤᠷᠢᠭᠰᠠᠨ ᠭᠡᠷᠡᠭ᠌ ᠶᠢᠡᠨ ᠪᠢᠳᠠ ᠬᠤᠶᠠᠷ ᠢ ᠵᠤᠷᠢᠭᠤᠳᠠ ᠨᠤᠷᠠᠭᠠᠯ᠎ᠠ ᠭᠡᠵᠤ ᠵᠤᠪᠠᠬᠤ ᠶᠠᠭᠤᠮ᠎ᠠ ᠦᠭᠡᠶ ᠣᠭᠢᠯᠠᠵᠤ ᠪᠠᠢ᠌ᠭ᠎ᠠ ᠶᠢ ᠨᠢ ᠬᠠᠷᠠᠭᠠᠴᠢ︕

        ᠊᠊᠊᠊᠊᠊᠊᠊᠊᠊᠊᠊᠊᠊᠊ ᠡᠨᠡ ᠮᠠᠭᠤ ᠪᠣᠳᠤᠭᠤ ᠶᠢ ᠣᠳᠤᠬᠠᠨ ᠭᠡᠳᠤ ᠭᠡᠳᠤ ᠳᠠᠰᠤᠳᠠᠭᠠᠤᠨ ᠵᠠᠯᠭᠢᠴᠢᠬᠠᠶ᠎ᠠ᠃ ᠪᠠᠯᠳᠡᠷᠭᠡ ᠨᠤᠭᠦᠳ ᠲᠤ ᠮᠢᠨᠢ ᠮᠠᠭᠤ ᠥᠭᠡ ᠵᠢᠭᠠᠬᠤ ᠮᠤᠠᠳᠢ ᠪᠠᠢ᠌ᠨ᠎ᠠ᠃

        ᠬᠠᠷᠠᠩᠰᠠᠭᠰᠠᠨ ᠴᠢᠨ᠋ᠸ᠎ᠠ ᠤᠳ ᠰᠢᠳᠤ ᠪᠠᠨ ᠢᠷᠵᠠᠢ᠌ᠯᠭᠠᠵᠤ᠂ ᠬᠠᠵᠠᠬᠤ ᠶᠢ ᠵᠠᠪᠳᠤᠵᠤ ᠭᠡᠨ᠎ᠡ᠃ ᠬᠠᠷᠢᠨ ᠪᠣᠳᠤᠭᠤ ᠣᠭᠳᠤ ᠳᠤᠭᠤᠭᠰᠠᠨ ᠰᠢᠠᠵᠢ ᠦᠭᠡᠶ᠂ ᠳᠠᠤᠯᠠᠢ ᠬᠠᠮᠠᠷ ᠶᠢᠡᠨ ᠰᠤᠷᠳᠤᠯᠵᠠᠭᠤᠯᠤᠨ᠂ ᠳᠤᠭᠤᠯ ᠨᠢᠳᠤ ᠪᠠᠨ ᠳᠤᠷᠮᠤᠯᠵᠠᠭᠤᠯᠤᠭᠠᠤᠨ᠂ ᠰᠢᠷᠡᠭᠡ ᠪᠦᠭᠦ ᠪᠠᠨ ᠰᠡᠭ᠍ᠰᠡᠯᠵᠡᠭᠦᠯᠦᠭᠡᠳ᠂ ᠰᠢᠷᠠᠮᠤᠨ ᠳᠠᠪᠠᠬᠠᠢ ᠪᠠᠷ ᠶᠢᠡᠨ ᠭᠠᠵᠠᠷ ᠳᠡᠪᠰᠡᠯᠡᠭᠡᠳ᠂ ᠢᠩᠭᠢᠵᠤ ᠭᠡᠯᠡᠵᠤ ᠭᠡᠨ᠎ᠡ᠄

        ᠊᠊᠊᠊᠊᠊᠊᠊᠊᠊᠊᠊᠊᠊᠊ ᠪᠢ ᠶᠠᠷᠢᠭ ᠴᠠᠭᠠᠨ ᠢᠩᠭᠡᠨ ᠤ ᠰᠠᠷᠢᠭ ᠴᠠᠭᠠᠨ ᠪᠣᠳᠤᠭᠤ ᠭᠡᠭ᠍ᠴᠢ ᠪᠠᠢ᠌ᠨ᠎ᠠ᠃ ᠡᠷᠭᠡᠯᠡᠵᠤ ᠪᠢ ᠳᠦᠭᠡᠷᠢᠭᠡ ᠦᠭᠡᠶ᠂ ᠡᠵᠢ ᠶᠢᠨ ᠶᠢᠡᠨ ᠥᠭᠡᠨ ᠳᠤ ᠣᠷᠤᠯ ᠦᠭᠡᠶ ᠡᠵᠡᠨ ᠦᠭᠡᠶ ᠭᠠᠵᠠᠷ ᠣᠠᠳᠠᠭ᠎ᠠ ᠦᠭᠡᠶ ᠯᠠ ᠶᠤᠮᠰᠠᠨ᠃ ᠬᠠᠷᠢᠨ ᠮᠠᠨ ᠤ ᠪᠠᠶᠠᠨ ᠡᠵᠡᠨ᠂ ᠳᠡᠭ᠍ᠷᠢ ᠶᠢᠨ ᠬᠠᠨ ᠡᠴᠡ ᠭᠡᠷᠭᠢᠮ ᠵᠡᠷᠭᠡ ᠭᠦᠷᠳᠡᠭᠦ ᠭᠡᠳ᠂ ᠵᠠᠭᠤᠨ ᠴᠠᠭᠠᠨ ᠳᠡᠮᠡᠭᠡ ᠳᠤᠰᠢᠶᠠᠬᠤ ᠪᠣᠯᠤᠭᠰᠠᠨ ᠶᠤᠮ ᠯᠠ ᠳ᠋ᠠ᠃ ᠳᠡᠭᠡᠭᠡᠭ᠍ᠰᠡᠨ ᠴᠢᠨᠢ ᠨᠢᠭᠡ ᠴᠠᠭᠠᠨ ᠳᠡᠮᠡᠭᠡ ᠳᠤᠳᠠᠴᠢᠬᠠᠭᠠᠤᠨ᠂ ᠬᠠᠷᠢᠨ ᠣᠷᠤᠨ ᠳᠤ ᠨᠢ ᠮᠢᠨᠤ ᠡᠵᠢ ᠶᠢ ᠠᠪᠣᠭᠠᠤᠨ ᠶᠠᠪᠣᠴᠢᠬᠠᠭᠰᠠᠨ ᠶᠤᠮ ᠪᠠᠢ᠌ᠬᠤ ᠦᠭᠡᠶ ᠦᠦ᠃ ᠦᠭᠡᠶ᠂ ᠬᠠᠷᠢᠨ ᠳᠡᠭᠡᠭ᠍ᠰᠡᠨ ᠴᠢᠨᠢ ᠰᠠᠢ᠌ᠨ ᠭᠦᠮᠦᠰ ᠤᠨ ᠠᠴᠢ ᠪᠠᠷ ᠰᠢᠭᠠᠭᠰᠠᠨ ᠭᠠᠳᠠᠰᠤᠨ ᠡᠴᠡ ᠮᠤᠯᠳᠤᠷᠤᠭᠰᠠᠨ ᠶᠤᠮᠰᠠᠨ᠃ ᠪᠢ ᠥᠭᠦᠭᠦ ᠪᠣᠯᠵᠠᠢ ᠳ᠋ᠠ᠂ ᠣᠳᠤ ᠶᠠᠭᠠᠭᠢᠶ᠎ᠠ ᠭᠡᠭᠦ ᠪᠣᠢ᠃ ᠳᠠᠨᠠᠷ ᠨᠠᠮᠢ᠋ᠢ ᠢᠳᠠ ᠯᠠ ᠳ᠋ᠠ᠃

        ᠊᠊᠊᠊᠊᠊᠊᠊᠊᠊᠊᠊᠊᠊᠊ ᠡᠩ᠂ ᠦᠨᠦᠴᠢᠨ ᠦᠨᠦᠴᠢᠨ ᠢ ᠥᠵᠡᠭ᠍ᠰᠡᠨ ᠯᠠ ᠪᠢᠯᠠ᠂ ᠡᠨᠡᠦᠭᠡᠨ ᠰᠢᠭ᠌ ᠦᠨᠦᠴᠢᠨ ᠢ ᠥᠵᠡᠭ᠍ᠰᠡᠨ ᠦᠭᠡᠶ᠃

        ᠊᠊᠊᠊᠊᠊᠊᠊᠊᠊᠊᠊᠊᠊᠊ ᠳᠤᠷᠮᠤᠭᠤᠷ ᠨᠢᠳᠤᠨ ᠡᠴᠡ ᠨᠢ ᠳᠤᠮᠤ ᠨᠢᠯᠪᠣᠰᠤ ᠣᠨᠠᠵᠤ ᠪᠠᠢ᠌ᠨ᠎ᠠ ᠰᠢᠳᠠ᠃

        ᠊᠊᠊᠊᠊᠊᠊᠊᠊᠊᠊᠊᠊᠊᠊ ᠴᠢ ᠴᠢᠨᠢ ᠣᠭᠢᠯᠠᠬᠤ ᠨᠢ ᠦᠦ ᠳ᠋ᠠ᠃ ᠪᠣᠯᠢ ᠪᠣᠯᠢ︕ ᠵᠤᠪᠠᠭᠰᠠᠨ ᠠᠮᠢᠳᠠᠨ ᠶᠤᠮ ᠪᠠᠢ᠌ᠨ᠎ᠠ᠂ ᠵᠤᠪᠠᠯᠠᠩ ᠡᠴᠡ ᠨᠢ ᠬᠤᠷᠳᠤᠨ ᠰᠠᠯᠭᠠᠶ᠎ᠠ᠃ ᠳᠦᠷᠭᠡᠨ ᠢᠳᠡᠴᠢᠭᠡᠶ᠎ᠡ︕

        ᠬᠤᠶᠠᠷ ᠴᠢᠨ᠋ᠸ᠎ᠠ ᠬᠤᠪᠳᠤᠭᠯᠠᠭᠠᠤᠨ ᠣᠬᠤᠰᠭᠢᠵᠠᠢ᠂ ᠬᠤᠩᠭ᠋ᠤᠷᠬᠠᠨ ᠪᠣᠳᠤᠭᠤ ᠬᠣᠢ᠌ᠰᠢ ᠪᠠᠨ ᠨᠢᠭᠡ ᠠᠯᠬᠤᠮ ᠣᠬᠤᠷᠢᠯ᠎ᠠ᠃ ᠳᠡᠭᠡᠭ᠍ᠰᠡᠨ ᠳᠠᠷᠠ ᠳᠤᠩᠭ᠋ᠣᠢ᠌ᠭᠠᠤᠨ ᠴᠢᠨ᠋ᠸ᠎ᠠ ᠶᠢ ᠥᠨᠦᠷᠳᠡᠭᠡᠳ᠂ ᠳᠤᠭᠯᠠᠵᠤ ᠨᠠᠭᠠᠳᠬᠤ ᠭᠡᠰᠡᠨ ᠶᠤᠮ ᠰᠢᠭ ᠳᠤᠮᠤᠭᠤ ᠥᠭᠡᠢ᠌ᠳᠡᠭᠡᠳ ᠳᠤᠩᠭ᠋ᠤᠴᠢᠵᠤ ᠡᠭᠢᠯᠡᠯ᠎ᠡ᠃

        ᠊᠊᠊᠊᠊᠊᠊᠊᠊᠊᠊᠊᠊᠊᠊ ᠳᠡᠭᠡ ᠡ ᠳᠡᠭᠡ︕ ᠣᠷᠢᠳᠠ ᠡᠴᠡ ᠮᠢᠨᠢ ᠢᠳᠠᠪᠠᠯ᠂ ᠣᠷᠳᠤ ᠰᠠᠢ᠌ᠬᠠᠨ ᠭᠦᠵᠦᠭᠦᠤ ᠮᠢᠨᠢ ᠪᠠᠢ᠌ᠨ᠎ᠠ᠃ ᠬᠠᠷᠢᠨ ᠳᠡᠭᠡᠷ᠎ᠡ ᠡᠴᠡ ᠮᠢᠨᠢ ᠢᠳᠠᠪᠠᠯ᠂ ᠳᠠᠷ᠎ᠠ ᠰᠠᠢ᠌ᠬᠠᠨ ᠪᠦᠭᠦ ᠮᠢᠨᠢ᠂ ᠬᠠᠵᠠᠭᠤ ᠡᠴᠡ ᠮᠢᠨᠢ ᠢᠳᠡᠭᠦ ᠶᠤᠮ ᠪᠣᠯ ᠬᠠᠨᠠᠨ ᠰᠠᠢ᠌ᠬᠠᠨ ᠬᠠᠪᠢᠷᠭ᠎ᠠ ᠮᠢᠨᠢ᠂ ᠬᠣᠢ᠌ᠨ᠎ᠠ ᠡᠴᠡ ᠮᠢᠨᠢ ᠢᠳᠠᠪᠠᠯ ᠬᠤᠶᠠᠷ ᠰᠠᠢ᠌ᠬᠠᠨ ᠪᠣᠷᠪᠢ ᠮᠢᠨᠢ ᠪᠠᠢ᠌ᠨ᠎ᠠ᠃

        ᠰᠥᠭᠦᠳᠦᠵᠤ ᠪᠣᠳᠤᠭᠤ ᠭᠡᠪᠳᠡᠭᠡᠳ ᠰᠥᠭᠡᠪᠦᠷ ᠵᠤᠭᠳᠤᠷ ᠲᠡᠶ ᠭᠦᠵᠦᠭᠦᠤ ᠪᠠᠨ ᠭᠠᠵᠠᠷ ᠳᠠᠯᠪᠢᠵᠤ ᠭᠡᠨ᠎ᠡ᠃ ᠳᠤᠷᠮᠤᠭᠠᠷᠬᠠᠨ ᠨᠢᠳᠤ ᠪᠠᠨ ᠠᠨᠢᠭᠠᠤᠨ᠂ ᠳᠤᠮᠤᠭᠤ ᠲᠡᠶ ᠭᠡᠭ᠍ᠴᠢ ᠨᠢ ᠭᠡᠪᠳᠡᠵᠤ ᠭᠡᠨ᠎ᠡ᠃

        ᠊᠊᠊᠊᠊᠊᠊᠊᠊᠊᠊᠊᠊᠊᠊ ᠦᠭᠡᠶ᠂ ᠢᠳᠠᠵᠤ ᠪᠢ ᠯᠠᠪ ᠴᠢᠳᠠᠬᠤ ᠦᠭᠡᠶ ᠨᠢ ᠡ᠃ ᠡᠭᠡ ᠶᠢ ᠪᠠᠨ ᠵᠤᠷᠢᠭᠰᠠᠨ ᠦᠷ᠎ᠡ ᠪᠠᠢ᠌ᠨ᠎ᠠ᠃ ᠢᠭᠢᠷ᠎ᠠ ᠭᠡᠳᠤᠨ ᠪᠠᠯᠳᠡᠷᠭᠡ ᠨᠤᠭᠦᠳ ᠲᠡᠶ ᠮᠢᠨᠢ ᠢᠵᠢᠯᠭᠡᠨ ᠰᠠᠨᠠᠭᠳᠠᠭᠠᠤᠨ ᠪᠣᠯᠵᠤ ᠯᠠ ᠦᠭ‍ᠭᠦ ᠦᠭᠡᠶ ᠨᠢ ᠡ᠃

        ᠊᠊᠊᠊᠊᠊᠊᠊᠊᠊᠊᠊᠊᠊᠊ ᠬᠠᠷᠢᠨ ᠳᠠᠢ᠌ᠮᠤ ᠡ᠂ ᠬᠠᠷᠠᠭᠰᠠᠭᠠᠷ ᠪᠠᠢ᠌ᠳᠠᠯ᠎ᠠ ᠬᠠᠯᠳᠠᠷ ᠪᠠᠯᠳᠡᠷᠭᠡ ᠨᠤᠭᠦᠳ ᠲᠡᠶ ᠮᠢᠨᠢ ᠠᠳᠠᠯᠢᠬᠠᠨ ᠶᠤᠮ᠃ ᠶᠠᠭᠠᠭᠢᠬᠤᠪ︖

        ᠊᠊᠊᠊᠊᠊᠊᠊᠊᠊᠊᠊᠊᠊᠊ ᠡᠨᠡ ᠮᠠᠭᠤ ᠳᠡᠯᠢᠭᠦᠨ ᠴᠢᠨᠡᠭᠡᠨ ᠪᠣᠳᠤᠭᠤ ᠶᠢ ᠢᠳᠠᠯ᠎ᠠ ᠭᠡᠳ ᠭᠡᠨ ᠴᠤ ᠴᠠᠳᠬᠤ ᠦᠭᠡᠶ᠂ ᠡᠭᠦᠨ ᠢ ᠡ᠊ᠨᠳᠡ ᠨᠢ ᠣᠷᠭᠢᠴᠢᠬᠠᠶ᠎ᠠ᠃ ᠵᠠᠶᠠᠭ᠎ᠠ ᠪᠠᠢ᠌ᠪᠠᠯ ᠡᠭᠡ ᠶᠢ ᠪᠠᠨ ᠣᠯᠤᠨ᠎ᠠ ᠪᠢᠵᠠ᠂ ᠵᠠᠮ ᠳᠤ ᠨᠢ ᠬᠤᠶᠠᠭᠤᠯᠠ ᠪᠠᠨ ᠰᠠᠭᠠᠤᠨ ᠪᠣᠯᠤᠭᠠᠤᠨ ᠶᠠᠭᠠᠭᠢᠬᠤ ᠪᠣᠢ᠃

        ᠊᠊᠊᠊᠊᠊᠊᠊᠊᠊᠊᠊᠊᠊᠊ ᠣᠭ ᠨᠢ ᠣᠯᠵᠠ ᠶᠤᠮᠰᠠᠨ ᠳ᠋ᠠ᠃

        ᠊᠊᠊᠊᠊᠊᠊᠊᠊᠊᠊᠊᠊᠊᠊ ᠣᠳᠤ ᠶᠠᠭᠠᠭᠢᠶ᠎ᠠ ᠭᠡᠭᠦ ᠨᠢ ᠪᠣᠢ᠃

        ᠬᠤᠶᠠᠷ ᠴᠢᠨ᠋ᠸ᠎ᠠ ᠬᠤᠩᠬᠤᠷ ᠣᠷᠤᠭᠤᠳᠠᠨ ᠶᠠᠪᠣᠭᠠᠤᠨ ᠦᠭ‍ᠭᠦᠯ᠎ᠡ᠃

        ᠰᠠᠷᠢᠭ ᠴᠠᠭᠠᠨ ᠪᠣᠳᠤᠭᠤ ᠰᠠᠢ᠌ᠬᠠᠨ ᠡᠵᠢ ᠲᠡᠶ ᠪᠠᠨ ᠠᠭᠤᠯᠵᠠᠯ᠎ᠠ ᠭᠡᠵᠤ ᠡᠨᠡᠭᠡᠨ ᠴᠢᠯᠦᠭᠡᠨ ᠳᠤ ᠵᠡᠭᠦᠳᠦᠯᠡᠵᠤ ᠠᠮᠵᠢᠭᠠᠤᠨ ᠰᠠᠷᠢᠳᠠᠯ᠎ᠠ᠂ ᠬᠤᠶᠠᠷ ᠴᠢᠨ᠋ᠸ᠎ᠠ ᠠᠯᠠᠭ᠎ᠠ ᠪᠣᠯᠴᠢᠬᠠᠭᠰᠠᠨ ᠪᠠᠢ᠌ᠯ᠎ᠠ᠃

        ᠊᠊᠊᠊᠊᠊᠊᠊᠊᠊᠊᠊᠊᠊᠊ ᠬᠤᠭᠤᠯᠠ ᠪᠠᠨ ᠶᠠᠭᠠᠭᠢᠭᠠᠤᠨ ᠣᠷᠭᠢᠴᠢᠬᠠᠭᠰᠠᠨ ᠶᠤᠮ ᠪᠣᠯ︖ ᠡᠨ᠂ ᠬᠤᠯᠠ ᠦᠭᠡᠶ ᠶᠠᠪᠣᠭ᠎ᠠ ᠶᠤᠮ ᠪᠣᠯᠪᠠᠤ ᠳ᠋ᠠ᠃

        ᠰᠠᠷᠢᠭ ᠴᠠᠭᠠᠨ ᠪᠣᠳᠤᠭᠤ ᠭᠦᠯᠢᠶᠡᠵᠤ ᠭᠦᠯᠢᠶᠡᠵᠤ ᠲᠤᠢ᠌ᠯᠳᠠᠭᠠᠤᠨ᠂ ᠬᠠᠯᠠᠭᠤᠨ ᠨᠠᠷᠠᠨ ᠳᠤ ᠠᠮᠠ ᠨᠢ ᠴᠠᠩᠭ᠋ᠠᠭᠠᠤᠨ᠂ ᠬᠠᠢ᠌ᠷᠠᠳᠠᠢ ᠡᠵᠢ ᠪᠠᠨ ᠰᠠᠨᠠᠵᠤ ᠪᠣᠢ᠌ᠯᠠᠭᠰᠠᠨ ᠶᠢᠡᠨ᠂ ᠳᠡᠭᠡᠷ ᠳᠡᠭᠡᠷ ᠳᠠᠰᠢᠵᠤ᠂ ᠳᠡᠭ᠍ᠷᠢ ᠶᠢᠨ ᠬᠠᠨ ᠤ ᠭᠢᠨ ᠢ ᠵᠤᠷᠢᠯ᠎ᠠ᠃

        ᠰᠠᠷᠢᠭ ᠴᠠᠭᠠᠨ ᠪᠣᠳᠤᠭᠤ᠂ ᠳᠠᠪᠠᠭ᠎ᠠ ᠳᠠᠪᠠᠭ᠎ᠠ ᠶᠢ ᠳᠠᠪᠠᠵᠤ᠂ ᠳᠠᠯᠠᠠᠳᠠᠢ ᠶᠢᠨ ᠰᠢᠯᠢ ᠶᠢ ᠴᠢᠭᠯᠡᠭᠡᠳ᠂ ᠭᠦᠪᠠᠢ ᠭᠦᠪᠠᠢ ᠶᠢ ᠳᠠᠪᠠᠵᠤ᠂ ᠭᠦᠡᠳᠡᠢ ᠶᠢᠨ ᠭᠤᠪᠢ ᠶᠢ ᠴᠢᠭᠯᠡᠭᠡᠳ᠂ ᠨᠤᠯᠤᠤᠷ ᠦᠰᠦ ᠪᠠᠨ ᠨᠤᠷᠣᠢ᠌ᠳᠠᠯ᠎ᠠ᠂ ᠨᠤᠮᠤᠢ ᠭᠤᠩᠭ᠋ᠠᠨᠢᠭ᠎ᠠ ᠳᠠᠭᠤ ᠪᠠᠨ ᠭᠠᠷᠭᠠᠵᠤ᠂ ᠥᠭᠡᠳᠡ ᠡᠰᠡᠷᠭᠦ ᠪᠠᠨ ᠳᠠᠪᠠᠷᠭᠠᠯᠠᠵᠤ᠂ ᠡᠳᠦᠷ ᠰᠦᠨᠢ ᠦᠭᠡᠶ ᠳᠠᠰᠢᠵᠤ ᠶᠠᠪᠣᠳᠠᠯ᠎ᠠ᠂ ᠡᠯᠢᠭᠡᠨ ᠣᠯᠠᠭᠠᠨ ᠬᠠᠳᠠ ᠣᠷᠢᠳᠤ ᠵᠠᠮ ᠢ ᠨᠢ ᠬᠠᠭᠠᠭᠠᠤᠨ ᠣᠷᠤᠭᠰᠢ ᠪᠠᠨ ᠶᠠᠷᠤ ᠶᠠᠪᠣᠭᠤᠯᠤᠭᠰᠠᠨ ᠦᠭᠡᠶ ᠭᠡᠨ᠎ᠡ᠃ ᠰᠠᠷᠢᠭ ᠴᠠᠭᠠᠨ ᠪᠣᠳᠤᠭᠤ ᠪᠦᠩ ᠪᠦᠩ ᠭᠦᠶ‍ᠦᠵᠤ ᠭᠤᠷᠪᠠ ᠬᠤᠨᠤᠭ ᠣᠷᠤᠭᠤᠳᠠᠵᠤ᠂ ᠪᠦᠩ ᠪᠦᠩ ᠭᠦᠶ‍ᠦᠵᠤ ᠭᠤᠷᠪᠠ ᠬᠤᠨᠤᠭ ᠥᠭ᠍ᠰᠦᠵᠤ ᠭᠦᠶ‍ᠦᠭᠡᠳ ᠭᠠᠷᠤᠴᠠ ᠣᠯᠳᠠᠭᠰᠠᠨ ᠦᠭᠡᠶ ᠰᠥᠭᠦᠳᠴᠤ ᠭᠡᠨ᠎ᠡ᠃ ᠰᠠᠷᠢᠭ ᠴᠠᠭᠠᠨ ᠪᠣᠳᠤᠭᠤ᠂ ᠬᠤᠯᠠ ᠶᠢᠨ ᠵᠠᠮ ᠢ ᠳᠤᠭᠤᠯᠤᠭᠠᠤᠨ᠂ ᠭᠦᠭᠡᠷᠦᠭᠦᠨ ᠳᠠᠪᠠᠬᠠᠢ ᠨᠢ ᠬᠠᠭᠠᠷᠠᠭᠰᠠᠨ ᠴᠤ᠂ ᠬᠤᠭᠤᠯᠠᠢ ᠠᠮᠠ ᠨᠢ ᠬᠠᠳᠠᠭᠠᠤᠨ᠂ ᠬᠠᠮᠤᠭ ᠶᠠᠰᠤ ᠨᠢ ᠶᠠᠩᠭᠢᠨᠠᠭᠰᠠᠨ ᠴᠤ᠂ ᠬᠠᠢ᠌ᠷᠠᠳᠠᠢ ᠡᠵᠢ ᠪᠠᠨ ᠰᠠᠨᠠᠬᠤ ᠶᠢᠨ ᠶᠡᠭᠡ ᠪᠠᠷ ᠰᠠᠨᠠᠵᠤ᠂ 《ᠨᠢᠰᠦᠭᠡᠳ ᠴᠤ ᠪᠣᠯᠪᠠᠤ ᠣᠴᠢᠬᠤ ᠰᠠᠨ》 ᠭᠡᠵᠤ ᠪᠣᠳᠤᠵᠤ ᠪᠠᠢ᠌ᠭᠰᠠᠨ ᠶᠢᠡᠨ ᠨᠢᠭᠡ ᠮᠡᠳᠡᠭ᠍ᠰᠡᠨ ᠴᠢᠨᠢ ᠳᠠᠭ ᠣᠠᠳᠠᠴᠢᠬᠠᠵᠠᠢ ᠭᠡᠨ᠎ᠡ᠃

        ᠭᠡᠳᠡᠯ᠎ᠡ ᠡᠯᠢᠭᠡᠨ ᠣᠯᠠᠭᠠᠨ ᠬᠠᠳᠠᠨ ᠡᠴᠡ ᠠᠪᠣᠷᠭᠤ ᠳᠤᠮᠤ ᠪᠠᠶ᠎ᠠ ᠲᠡᠶ᠂ ᠠᠯᠠᠭ ᠡᠷᠢᠶᠡᠨ ᠬᠤᠤᠷᠳᠤ ᠮᠤᠭᠠᠢ ᠰᠠᠮ ᠭᠤᠯᠰᠠᠭᠠᠤᠨ ᠭᠠᠷᠴᠤ ᠢᠷᠠᠯ᠎ᠠ᠃

        ᠊᠊᠊᠊᠊᠊᠊᠊᠊᠊᠊᠊᠊᠊᠊ ᠡᠨ ᠁ ᠬᠠᠴᠢᠨ ᠶᠤᠮ ᠳ᠋ᠠ᠂ ᠬᠠᠮᠢᠭ᠎ᠠ ᠭᠠᠵᠠᠷ ᠡᠴᠡ ᠬᠠᠯᠠᠭᠤᠨ ᠴᠢᠰᠤ ᠲᠡᠶ ᠭᠦᠭᠡᠷᠦᠭᠦᠨ ᠪᠣᠳᠤᠭᠤ ᠢᠷᠠᠵᠤ᠂ ᠬᠤᠭᠤᠯᠠ ᠮᠢᠨᠢ ᠪᠣᠯᠬᠤ ᠭᠡᠳ ᠭᠡᠪᠳᠡᠭᠦ ᠨᠢ ᠡᠨᠡ ᠪᠣᠢ︖

        ᠬᠤᠤᠷᠠᠳᠤ ᠮᠤᠭᠠᠢ ᠬᠠᠯᠠᠭᠤᠨ ᠴᠢᠰᠤᠨ ᠳᠤ ᠨᠢ ᠪᠠᠶᠠᠰᠴᠤ᠂ ᠭᠦᠢᠳᠡᠨ ᠰᠢᠯᠤᠰᠤ ᠪᠠᠨ ᠵᠠᠯᠭᠢᠯᠠᠯ᠎ᠠ᠃ ᠳᠤᠯᠤᠭᠠᠢ ᠪᠠᠨ ᠴᠤᠭᠨᠣᠢ᠌ᠯᠭᠠᠵᠤ ᠬᠤᠤᠷᠠᠳᠤ ᠰᠢᠯᠤᠰᠤ ᠨᠢ ᠢᠯᠠᠭᠠᠷᠠᠵᠤ᠂ ᠣᠷᠳᠤ ᠭᠡᠯᠡ ᠨᠢ ᠣᠯᠠᠯᠵᠠᠵᠤ᠂ ᠵᠥᠭᠡᠯᠡᠨ ᠭᠡᠭ᠍ᠴᠢ ᠨᠢ ᠭᠤᠯᠰᠠᠵᠤ ᠮᠥᠯᠭᠦᠭᠡᠳ᠂ ᠵᠡᠭᠦᠷᠮᠡᠭᠯᠡᠵᠤ ᠪᠠᠢ᠌ᠭ᠎ᠠ ᠪᠣᠳᠤᠭᠤᠨ ᠤ ᠭᠦᠵᠦᠭᠦᠤ ᠣᠷᠤᠭᠤ ᠭᠦᠢᠳᠡᠨ ᠳᠤᠯᠤᠭᠠᠢ ᠪᠠᠨ ᠰᠢᠷᠭᠤᠭᠤᠯᠠᠳᠠᠯ᠎ᠠ᠄

        ᠊᠊᠊᠊᠊᠊᠊᠊᠊᠊᠊᠊᠊᠊᠊ ᠡᠵᠢ ᠡ᠂ ᠳᠠ ᠦᠦ︖

        ᠊᠊᠊᠊᠊᠊᠊᠊᠊᠊᠊᠊᠊᠊᠊ ᠡᠵᠢ ᠡ ᠭᠡᠪᠠᠤ︖ ᠨᠠᠮᠠᠢ᠌᠃ ᠡᠨᠡ ᠴᠢᠨᠢ ᠵᠡᠭᠦᠳᠦᠯᠡᠵᠤ ᠪᠠᠢ᠌ᠨ᠎ᠠ ᠳ᠋ᠠ᠃

        ᠭᠡᠳᠡᠯ᠎ᠡ ᠰᠠᠷᠢᠭ ᠴᠠᠭᠠᠨ ᠪᠣᠳᠤᠭᠤ ᠵᠢᠵᠢᠭ᠍‍ᠬᠡᠨ ᠭᠦᠭᠡᠷᠦᠭᠦᠨ ᠬᠤᠶᠠᠷ ᠪᠦᠭᠦ ᠨᠢ ᠵᠢᠭᠦᠷ ᠪᠣᠯᠵᠤ ᠦᠨᠳᠦᠷ ᠳᠡᠭ᠍ᠷᠢ ᠲᠤ ᠨᠢᠰᠦᠭᠡᠳ ᠡᠵᠢ ᠪᠠᠨ ᠣᠯᠤᠯ᠎ᠠ ᠭᠡᠵᠤ ᠵᠡᠭᠦᠳᠦᠯᠡᠭᠡᠳ᠂ ᠥᠭᠦᠯᠡᠵᠤ ᠳᠠᠭᠤᠳᠠᠭᠰᠠᠨ ᠨᠢ ᠳᠠᠷᠠ ᠪᠠᠢ᠌ᠵᠠᠢ᠃

        ᠠᠪᠣᠷᠭᠤ ᠮᠤᠭᠠᠢ᠂ ᠠᠠᠳᠠᠭᠤ ᠶᠠᠭᠤᠮ᠎ᠠ ᠰᠤᠨᠤᠰᠪᠠᠤ ᠭᠡᠳ᠂ ᠠᠭᠢᠭᠠᠤᠨ ᠬᠤᠤᠷᠠᠳᠤ ᠭᠡᠯᠡ ᠪᠠᠨ ᠳᠦᠭᠦᠳᠡᠯ᠎ᠡ ᠪᠣᠳᠤᠭᠤ᠂ ᠮᠥᠮᠥ ᠪᠠᠨ ᠭᠡᠵᠤ ᠪᠣᠳᠤᠭᠠᠤᠨ᠂ ᠪᠣᠷᠤᠬᠠᠨ ᠭᠦᠭᠡᠷᠦᠭᠦᠨ ᠣᠷᠤᠭᠤᠯ ᠶᠢᠡᠨ ᠭᠦᠳᠡᠯᠭᠡᠭᠡᠳ᠂ ᠨᠢᠳᠤ ᠪᠠᠨ ᠠᠨᠢᠭᠰᠠᠨ ᠴᠢᠭ᠌ ᠶᠢᠡᠷ ᠶᠢᠡᠨ ᠡᠭᠡ ᠶᠢᠨ ᠶᠢᠡᠨ ᠭᠦᠭᠦ ᠶᠢ ᠬᠠᠢ᠌ᠵᠤ ᠭᠡᠨ᠎ᠡ᠃

        ᠊᠊᠊᠊᠊᠊᠊᠊᠊᠊᠊᠊᠊᠊᠊ ᠨᠠᠮᠢ᠋ᠢ ᠡᠵᠢ ᠪᠠᠨ ᠭᠡᠵᠤ ᠪᠣᠳᠤᠭᠠᠤᠨ ᠪᠠᠢ᠌ᠨ᠎ᠠ ᠳ᠋ᠠ᠃ ᠢᠳᠠᠶ᠎ᠠ ᠭᠡᠭᠦᠯᠡᠷ ᠡᠪ ᠦᠭᠡᠶ ᠶᠤᠮ᠃ ᠬᠠᠳᠬᠤᠬᠤ ᠭᠡᠭᠦ ᠪᠠᠷ ᠬᠠᠮᠢᠭᠠᠰᠢ ᠪᠠᠨ ᠴᠤ ᠶᠤᠮ᠃ ᠰᠡᠷᠢᠭᠦ ᠪᠠᠷ ᠨᠢ ᠴᠢᠰᠤ ᠶᠢ ᠨᠢ ᠰᠤᠷᠤᠴᠢᠬᠠᠶ᠎ᠠ᠃ ᠭᠦᠭᠡᠷᠦᠭᠦᠢ ᠮᠢᠨᠢ᠂ ᠥᠨᠡᠭᠡᠷ ᠦᠷᠤ ᠡᠪᠠᠳᠦᠮᠡᠷ ᠠᠮᠢᠳᠠᠨ ᠶᠤᠮ ᠭᠡᠵᠤ᠂ ᠣᠷᠳᠤ ᠪᠠᠶᠠᠨ ᠳᠡᠭᠡᠷ᠎ᠡ ᠮᠢᠨᠢ ᠳᠤᠯᠤᠭᠠᠢ ᠪᠠᠨ ᠳᠠᠯᠪᠢᠴᠢᠬᠠᠯ᠎ᠠ᠂ ᠰᠠᠷᠪᠠᠢ᠌ᠳᠠᠯ᠎ᠠ ᠭᠡᠪᠳᠡᠭᠡᠳ ᠰᠠᠨᠠᠭ᠎ᠠ ᠠᠮᠤᠷ ᠣᠠᠳᠠᠴᠢᠬᠠᠯ᠎ᠠ᠃ ᠣᠯᠠᠨ ᠵᠢᠯ ᠪᠣᠯᠬᠤ ᠳᠤ ᠪᠠᠨ ᠡᠢ᠌ᠮᠤ ᠶᠠᠭᠤᠮ᠎ᠠ ᠦᠵᠡᠯ᠎ᠠ ᠦᠦ ᠪᠢ ᠴᠢᠨᠢ᠃ ᠡᠪᠠᠢ ᠭᠦᠭᠡᠷᠦᠭᠦᠢ᠂ ᠣᠠᠳᠠᠭ ᠡ᠃

        ᠠᠪᠣᠷᠭᠤ ᠮᠤᠭᠠᠢ ᠶᠢᠨ ᠵᠤᠤᠪᠠᠩ ᠨᠤᠭᠤᠭᠠᠨ ᠨᠢᠳᠤᠨ ᠡᠴᠡ ᠵᠤᠷᠪᠣᠰ ᠨᠢᠯᠪᠣᠰᠤ ᠳᠤᠰᠤᠯᠠᠵᠤ ᠭᠡᠨ᠎ᠡ᠃ ᠭᠦᠢᠳᠡᠨ ᠨᠢᠯᠪᠣᠰᠤ ᠳᠤᠯᠤᠭᠠᠢ ᠳᠡᠭᠡᠷ᠎ᠡ ᠨᠢ ᠣᠨᠠᠬᠤ ᠳᠤ᠂ ᠭᠦᠭᠡᠷᠦᠭᠦᠢ ᠪᠣᠳᠤᠭᠤ ᠰᠤᠴᠢᠭᠠᠤᠨ ᠰᠡᠷᠢᠴᠢᠭᠡᠵᠡᠢ᠃

        ᠊᠊᠊᠊᠊᠊᠊᠊᠊᠊᠊᠊᠊᠊᠊ ᠡᠧ︕ ᠡᠵᠢ ᠶᠢ ᠪᠠᠨ ᠭᠡᠵᠤ ᠪᠣᠳᠤᠭᠰᠠᠨ ᠴᠢᠨᠢ᠂ ᠮᠤᠭᠠᠢ ᠳᠠ ᠦᠦ︖ ᠬᠠᠢ᠌ᠷᠠᠳᠤ ᠡᠵᠢ ᠳᠤ ᠪᠠᠨ ᠣᠴᠢᠬᠤ ᠶᠤᠮᠰᠠᠨ᠂ ᠬᠠᠳᠠ ᠴᠢᠯᠠᠭᠤ ᠳᠠᠭᠠᠷᠠᠯᠳᠤᠭᠠᠤᠨ ᠴᠢᠳᠠᠭᠰᠠᠨ ᠦᠭᠡᠶ᠁

        ᠡᠵᠢ ᠳᠠᠢ᠌ᠬᠠᠨ ᠪᠣᠳᠤᠭᠤ ᠨᠢ

        ᠡᠵᠢ ᠪᠠᠨ ᠳᠠᠭᠠᠭᠠᠤᠨ ᠪᠣᠢ᠌ᠯᠠᠨ᠎ᠠ

        ᠡᠵᠢ ᠥᠭᠡᠢ᠌ᠭᠡᠨ ᠪᠣᠳᠤᠭᠤ ᠨᠢ

        ᠡᠩᠭᠡᠷ ᠴᠡᠭᠡᠵᠢᠨ ᠳᠡᠭᠡᠨ ᠮᠡᠭ᠍ᠰᠢᠵᠤ ᠣᠭᠢᠯᠠᠨ᠎ᠠ᠃

        ᠊᠊᠊᠊᠊᠊᠊᠊᠊᠊᠊᠊᠊᠊᠊ ᠮᠢᠨᠤ ᠭᠦᠤ ᠮᠥᠮᠥ ᠪᠠᠨ ᠭᠦᠭᠦᠭ᠍ᠳᠤᠨ︕

        ᠊᠊᠊᠊᠊᠊᠊᠊᠊᠊᠊᠊᠊᠊᠊ ᠡᠷᠯᠢᠭ᠌ ᠮᠢᠨᠢ ᠳᠠ ᠪᠠᠢ᠌ᠵᠤ ᠰᠢᠳᠠ᠂ ᠢᠳᠠ ᠳ᠋ᠠ ᠨᠠᠮᠠᠢ᠌᠃ ᠬᠠᠷᠢᠨ ᠪᠢᠳᠡᠭᠡᠢ ᠡᠪᠠᠦᠡᠭᠡᠭᠡᠷᠡᠢ᠃ ᠳᠠ ᠴᠢᠨᠢ ᠣᠭᠢᠯᠠᠵᠤ ᠪᠠᠢ᠌ᠨ᠎ᠠ ᠦᠦ ᠳ᠋ᠠ︖

        ᠊᠊᠊᠊᠊᠊᠊᠊᠊᠊᠊᠊᠊᠊᠊ ᠦᠭᠡᠶ᠃ ᠪᠢ ᠵᠠᠭᠤᠨ ᠵᠢᠯ ᠣᠭᠢᠯᠠᠭ᠎ᠠ ᠦᠭᠡᠶ᠂ ᠢᠯᠠ ᠰᠤᠷᠤᠭᠰᠠᠨ ᠶᠠᠭᠤᠮ᠎ᠠ ᠪᠠᠢ᠌ᠯ ᠦᠭᠡᠶ᠂ ᠮᠤᠭᠠᠢ ᠣᠭᠢᠯᠠᠭᠰᠠᠨ ᠭᠡᠵᠤ ᠮᠠᠭᠠᠤᠨ ᠮᠠᠭᠤ ᠭᠡᠯᠡᠨ᠎ᠡ ᠨᠠᠮᠠᠢ᠌᠃ ᠣᠳᠤ ᠮᠢᠨᠤ ᠨᠢᠷᠤᠭᠤᠨ ᠳᠡᠭᠡᠷ᠎ᠡ ᠭᠠᠷᠤᠭᠠᠤᠨ ᠭᠡᠪᠳᠡ᠃ ᠶᠡᠭᠡ ᠳᠠᠯᠠᠢ ᠪᠠᠷ ᠪᠢ ᠭᠠᠷᠭᠠᠵᠤ ᠦᠭ‍ᠭᠦᠶ᠎ᠡ᠃ ᠳᠠᠷᠤᠢ ᠳᠡᠭᠡᠭᠡᠳ ᠡᠭᠡ ᠳᠤ ᠪᠠᠨ ᠣᠴᠢ᠃

        ᠳᠡᠭ᠍ᠷᠢ ᠶᠢᠨ ᠨᠤᠶᠠᠨ ᠤ ᠳᠡᠮᠡᠭᠡᠴᠢᠨ ᠵᠠᠭᠤᠨ ᠴᠠᠭᠠᠨ ᠳᠡᠮᠡᠭᠡ ᠪᠠᠨ ᠬᠠᠷᠢᠭᠤᠯᠬᠤ ᠭᠡᠳᠡᠯ᠎ᠡ᠂ ᠨᠢᠭᠡ ᠮᠠᠭᠤ ᠴᠠᠭᠠᠨ ᠢᠩᠭᠡ ᠦᠷᠭᠦᠯᠵᠢ ᠪᠣᠴᠠᠵᠤ ᠵᠢᠭᠤᠳᠠᠭᠠᠤᠨ᠂ ᠠᠮᠠᠷ ᠵᠠᠶᠠᠭ᠎ᠠ ᠥᠵᠡᠭᠦᠯᠭᠦ ᠦᠭᠡᠶ ᠪᠣᠯᠬᠤ ᠪᠠᠷ ᠨᠢ᠂ ᠶᠠᠷᠢᠭ ᠴᠠᠭᠠᠨ ᠢᠩᠭᠡ ᠶᠢ ᠪᠠᠷᠢᠵᠤ ᠠᠪᠣᠭᠠᠤᠨ᠂ ᠳᠠᠮᠤᠷ ᠳᠤᠱᠠ ᠪᠠᠷ ᠳᠤᠱᠠᠵᠤ ᠭᠡᠨ᠎ᠡ᠃ ᠶᠠᠷᠢᠭ ᠴᠠᠭᠠᠨ ᠢᠩᠭᠡ ᠠᠷᠭ᠎ᠠ ᠦᠭᠡᠶ ᠶᠢᠨ ᠡᠷᠭᠡᠨ ᠳᠤ ᠶᠠᠭᠤ ᠴᠤ ᠴᠢᠩᠨᠠᠵᠤ ᠪᠠᠢ᠌ᠳᠠᠯ᠎ᠠ᠂ ᠨᠢᠭᠡ ᠡᠳᠦᠷ᠂ ᠰᠠᠷᠢᠭ ᠴᠠᠭᠠᠨ ᠪᠣᠳᠤᠭᠤᠨ ᠤ ᠭᠢᠨᠢ ᠳᠠᠭᠤ ᠰᠤᠨᠤᠰᠳᠠᠬᠤ ᠰᠢᠭ ᠪᠣᠯᠵᠠᠢ᠃ ᠶᠠᠷᠢᠭ ᠴᠠᠭᠠᠨ ᠢᠩᠭᠡ ᠴᠢᠭᠢ ᠳᠠᠯᠪᠢᠵᠤ ᠰᠤᠨᠤᠰᠪᠠᠯ᠂ ᠶᠠᠭᠠᠭᠢᠬᠤ ᠶᠢᠨ ᠠᠷᠭ᠎ᠠ ᠦᠭᠡᠶ ᠪᠣᠳᠤᠭᠤᠨ ᠤ ᠭᠢᠨᠢ ᠳᠠᠭᠤ ᠮᠦᠨ ᠰᠢᠭ᠌ ᠰᠠᠨᠠᠭᠳᠠᠭᠠᠤᠨ᠂ ᠳᠡᠩᠭᠡᠢ᠌ᠳᠡᠯ᠎ᠡ ᠪᠣᠰᠴᠤ ᠢᠷᠡᠭᠡᠳ ᠳᠡᠩᠭᠡᠭᠡ ᠳᠠᠮᠢᠷ ᠣᠷᠤᠵᠤ᠂ ᠲᠤᠢ᠌ᠯᠠᠵᠤ ᠳᠠᠢ᠌ᠴᠢᠯᠠᠵᠤ ᠪᠠᠢ᠌ᠭᠠᠤᠨ᠂ ᠳᠠᠮᠤᠷ ᠳᠤᠱᠠ ᠪᠠᠨ ᠡᠪᠳᠡᠵᠤ ᠭᠡᠨ᠎ᠡ᠃ ᠳᠡᠭ᠍ᠷᠢ ᠭᠠᠵᠠᠷ ᠨᠡᠢ᠌ᠯᠡᠭᠦ ᠰᠢᠭ᠌ ᠪᠣᠯᠵᠤ ᠭᠡᠨ᠎ᠡ᠃

        ᠊᠊᠊᠊᠊᠊᠊᠊᠊᠊᠊᠊᠊᠊᠊ ᠬᠠᠢ ᠭᠦᠢ ᠪᠠᠷᠢᠭᠠᠤᠨ ᠠᠪᠠᠭᠠᠴᠢ᠂᠂

        ᠊᠊᠊᠊᠊᠊᠊᠊᠊᠊᠊᠊᠊᠊᠊ ᠬᠠᠢ᠂

        ᠊᠊᠊᠊᠊᠊᠊᠊᠊᠊᠊᠊᠊᠊᠊ ᠭᠦᠢ᠂᠂

        ᠁ ᠁

        ᠶᠠᠷᠢᠭ ᠴᠠᠭᠠᠨ ᠢᠩᠭᠡ ᠬᠠᠮᠤᠭ ᠭᠦᠴᠤ ᠪᠠᠨ ᠰᠢᠪᠬᠠᠭᠠᠤᠨ᠂ ᠬᠠᠷᠠᠢ᠌ᠵᠤ ᠳᠡᠭᠦᠯᠢᠵᠤ ᠭᠡᠨ᠎ᠡ᠃ ᠣᠯᠠᠨ ᠭᠦᠮᠤᠨ ᠣᠷᠭᠢᠭᠳᠠᠭᠠᠤᠨ ᠠᠷᠤ ᠳᠤ ᠨᠢ ᠬᠤᠴᠤᠷᠴᠤ ᠭᠡᠨ᠎ᠡ᠃ ᠡᠵᠢ ᠪᠠᠨ ᠬᠠᠷᠠᠭᠰᠠᠨ ᠪᠣᠳᠤᠭᠤ᠂ ᠪᠣᠷᠪᠢ ᠪᠠᠨ ᠳᠡᠨᠡᠢ᠌ᠯᠭᠡᠨ ᠳᠠᠪᠠᠷᠭᠠᠯᠠᠵᠤ᠂ ᠪᠣᠳᠤᠭᠤ ᠪᠠᠨ ᠬᠠᠷᠠᠭᠰᠠᠨ ᠢᠩᠭᠡ ᠪᠣᠰᠤᠭ᠎ᠠ ᠳᠤᠭᠤᠰᠤ ᠪᠣᠰᠬᠠᠵᠤ᠂ ᠣᠷᠳᠤ ᠶᠢᠨ ᠭᠠᠵᠠᠷ ᠢ ᠪᠣᠭᠤᠨᠢ ᠪᠣᠯᠭᠠᠵᠤ᠂ ᠣᠶᠠᠩᠭ᠋ᠠᠯᠠᠭᠤᠯᠵᠤ ᠪᠣᠢ᠌ᠯᠠᠵᠤ ᠭᠡᠨ᠎ᠡ᠃

        ᠰᠠᠷᠢᠭ ᠴᠠᠭᠠᠨ ᠪᠣᠳᠤᠭᠤ᠂ ᠶᠠᠷᠢᠭ ᠴᠠᠭᠠᠨ ᠢᠩᠭᠡ ᠢᠩᠭᠢᠵᠤ ᠣᠴᠠᠷᠠᠯᠳᠤᠵᠤ ᠭᠡᠨ᠎ᠡ᠃ ᠴᠢᠨᠦᠭ᠍ᠰᠡᠨ ᠭᠦᠭᠦ ᠪᠠᠨ ᠪᠣᠳᠤᠭᠤ ᠰᠢᠮᠠᠨ ᠰᠢᠮᠠᠨ ᠭᠦᠭᠦᠵᠤ ᠭᠡᠨ᠎ᠡ᠃

        ᠊᠊᠊᠊᠊᠊᠊᠊᠊᠊᠊᠊᠊᠊᠊ ᠶᠡᠭᠡ ᠳᠤᠭᠤᠰᠤ ᠪᠣᠰᠴᠤ ᠪᠠᠢ᠌ᠨ᠎ᠠ᠂ ᠡᠪᠠᠢ ᠪᠣᠳᠤᠭᠤ ᠮᠢᠨᠢ᠂ ᠡᠵᠢ ᠶᠢᠨ ᠶᠢᠡᠨ ᠮᠥᠮᠥ ᠶᠢ ᠠᠮᠳᠠᠯᠠ᠂ ᠣᠯᠠᠨ ᠥᠭᠡ ᠭᠡᠷᠡᠭ᠌ ᠦᠭᠡᠶ᠂ ᠪᠢ ᠮᠠᠳᠠᠵᠤ ᠪᠠᠢ᠌ᠨ᠎ᠠ᠃ ᠡᠵᠢ ᠶᠢᠨ ᠶᠢᠡᠨ ᠮᠥᠮᠥ ᠶᠢ ᠭᠦᠭᠦ ᠳ᠋ᠠ᠃ ᠣᠯᠠᠭᠠᠨ ᠳᠤᠭᠤᠰᠤ ᠬᠠᠷᠠᠭᠠᠤᠨ ᠣᠷᠳᠤ ᠬᠤᠰᠢᠭᠤ ᠪᠠᠨ ᠡᠷᠭᠦᠭᠡᠳ᠂ ᠣᠷᠤᠰᠬᠤ ᠨᠢᠯᠪᠣᠰᠤ ᠪᠠᠨ ᠢᠩᠭᠡ ᠨᠢ ᠨᠢᠭᠤᠵᠤ ᠭᠡᠨ᠎ᠡ᠃

        ᠰᠠᠷᠢᠭ ᠴᠠᠭᠠᠨ ᠪᠣᠳᠤᠭᠤ ᠠᠩᠭᠢᠷ ᠰᠢᠷ᠎ᠠ ᠣᠭᠤᠷᠠᠭ ᠶᠢᠡᠨ ᠠᠮᠳᠠᠯᠠᠨ ᠠᠮᠳᠠᠯᠠᠨ ᠭᠦᠭᠦᠵᠤ ᠭᠡᠨ᠎ᠡ᠃ ᠠᠩᠭ᠋ᠠᠵᠤ ᠰᠢᠷᠬᠠᠯᠠᠭᠰᠠᠨ ᠪᠠᠶ᠎ᠠ ᠨᠢ ᠊ᠭ᠍ᠱᠡᠨ ᠤ ᠳᠠᠳᠤᠢ ᠳᠤ ᠡᠳᠡᠭᠡᠷᠡᠵᠤ ᠭᠡᠨ᠎ᠡ᠃

        ᠊᠊᠊᠊᠊᠊᠊᠊᠊᠊᠊᠊᠊᠊᠊ ᠡᠨᠡ ᠮᠠᠩᠬᠠᠨ ᠤ ᠴᠠᠭᠠᠨ᠎ᠠ ᠶᠡᠭᠡ ᠪᠦᠷᠢᠳᠤ ᠪᠠᠢ᠌ᠨ᠎ᠠ᠃ ᠡᠵᠢ ᠪᠠᠨ ᠳᠠᠠᠳᠠ ᠭᠦᠯᠢᠶᠡᠨ᠎ᠡ ᠰᠢᠤ᠂ ᠣᠳᠤᠬᠠᠨ ᠪᠣᠰᠢᠭᠤ ᠵᠢᠭᠤᠳᠠ᠂ ᠠᠷᠤ ᠡᠴᠡ ᠨᠢ ᠡᠵᠢ ᠴᠢᠨᠢ ᠣᠴᠢᠨ᠎ᠠ᠃

        ᠳᠠᠮᠤᠷ ᠴᠠᠯᠮ᠎ᠠ ᠪᠠᠷᠢᠭᠠᠤᠨ᠂ ᠳᠠᠮᠠᠤᠯᠠᠵᠤ ᠭᠦᠮᠦᠰ ᠢᠷᠠᠯ᠎ᠠ᠃ ᠰᠠᠷᠢᠭ ᠴᠠᠭᠠᠨ ᠪᠣᠳᠤᠭᠤ ᠡᠷᠭᠢᠨ ᠡᠷᠭᠢᠨ ᠬᠠᠷᠠᠨ ᠡᠯᠡᠰᠤᠨ ᠮᠠᠩᠬᠠᠨ ᠳᠡᠭᠡᠷ᠎ᠡ ᠳᠠᠪᠠᠷᠭᠠᠯᠠᠭᠠᠤᠨ᠂ ᠣᠯᠠᠨ ᠭᠦᠮᠦᠰ ᠣᠷᠢᠯᠠᠯᠳᠤᠭᠠᠤᠨ᠂ ᠣᠮᠤᠭ ᠳᠡᠭᠦᠰ ᠢᠩᠭᠡ ᠶᠢ ᠡᠰᠢ ᠳᠠᠰᠢ ᠨᠢ ᠭᠦᠭᠡᠭᠡᠵᠤ᠂ ᠶᠡᠭᠡ ᠥᠢᠮᠡᠭᠡᠨ ᠪᠣᠯᠤᠯ᠎ᠠ᠃

        ᠊᠊᠊᠊᠊᠊᠊᠊᠊᠊᠊᠊᠊᠊᠊ ᠶᠠᠮᠠᠷ ᠪᠦᠳᠦᠯ ᠦᠭᠡᠶ ᠶᠠᠭᠤᠮ᠎ᠠ ᠤᠳ ᠪᠣᠢ︖ ᠪᠠᠷᠢᠵᠤ ᠴᠢᠳᠠᠬᠤ ᠦᠭᠡᠶ ᠶᠤᠮ ᠪᠣᠯ ᠨᠠᠭᠠᠳᠤᠭᠢ ᠪᠠᠨ ᠬᠠᠷᠪᠣᠵᠤ ᠠᠯᠠ︕

        ᠣᠯᠠᠨ ᠰᠤᠮᠤ ᠨᠢᠰᠤᠯᠳᠤᠵᠤ ᠢᠷᠡᠭᠡᠳ ᠣᠷᠤᠭ ᠴᠠᠭᠠᠨ ᠪᠠᠶ᠎ᠠ ᠶᠢ ᠨᠢ ᠣᠨᠤᠵᠤ ᠭᠡᠨ᠎ᠡ᠃ ᠣᠮᠤᠭ ᠶᠡᠭᠡ ᠶᠠᠷᠢᠭ ᠴᠠᠭᠠᠨ ᠢᠩᠭᠡ ᠠᠭᠤᠯᠠ ᠣᠨᠠᠬᠤ ᠰᠢᠭ ᠰᠥᠭᠦᠳᠴᠤ ᠭᠡᠨ᠎ᠡ᠂ ᠨᠠᠷᠠ ᠵᠢᠷᠭᠠᠬᠤ ᠰᠢᠭ ᠣᠨᠠᠵᠤ ᠭᠡᠨ᠎ᠡ᠂ ᠣᠰᠤᠨ ᠮᠡᠯᠳᠡᠷᠡᠭᠦ ᠰᠢᠭ᠌ ᠭᠡᠪᠳᠡᠵᠤ ᠭᠡᠨ᠎ᠡ᠃

        ᠰᠠᠷᠢᠭ ᠴᠠᠭᠠᠨ ᠪᠣᠳᠤᠭᠤ ᠡᠯᠡᠰᠤᠨ ᠮᠠᠩᠬᠠᠨ ᠢ ᠳᠠᠪᠠᠭᠠᠤᠨ᠂ ᠶᠡᠭᠡ ᠪᠦᠷᠢᠳᠤ ᠳᠤ ᠢᠷᠡᠭᠡᠳ᠂ ᠡᠵᠢ ᠪᠠᠨ ᠣᠳᠠᠭᠠᠨ ᠭᠦᠯᠢᠶᠡᠯ᠎ᠡ᠃ ᠢᠷᠡᠭ᠍ᠰᠡᠨ ᠦᠭᠡᠶ ᠭᠡᠨ᠎ᠡ᠃ ᠪᠦᠷᠦᠢ ᠪᠣᠯᠳᠠᠯ᠎ᠠ ᠭᠦᠯᠢᠶᠡᠭᠡᠳ ᠠᠨᠢᠷᠯᠠᠵᠤ ᠴᠢᠩᠨᠠᠭᠠᠤᠨ ᠡᠵᠢ ᠲᠡᠶ ᠪᠠᠨ ᠠᠭᠤᠯᠵᠠᠭᠰᠠᠨ ᠭᠠᠵᠠᠷ ᠶᠢᠡᠨ ᠡᠷᠭᠢᠭᠡᠳ ᠢᠷᠠᠵᠤ ᠭᠡᠨ᠎ᠡ᠃

        ᠰᠠᠷᠠᠨ ᠤ ᠭᠡᠷᠡᠯ ᠳᠤ ᠳᠠᠯ᠎ᠠ ᠶᠢᠨ ᠳᠤᠮᠳᠠ ᠰᠠᠢ᠌ᠬᠠᠨ ᠡᠵᠢ ᠪᠠᠨ ᠭᠡᠪᠳᠡᠭᠦ ᠶᠢ ᠬᠠᠷᠠᠭᠠᠤᠨ᠂ ᠭᠠᠢ᠌ᠬᠠᠨ ᠭᠠᠢ᠌ᠬᠠᠨ ᠡᠷᠭᠢᠨ ᠳᠤᠭᠤᠷᠢᠵᠤ ᠭᠡᠨ᠎ᠡ᠃ ᠣᠯᠠᠨ ᠰᠤᠮᠤ ᠰᠠᠷᠠᠢ᠌ᠵᠤ ᠪᠠᠢ᠌ᠬᠤ ᠶᠢ ᠬᠠᠷᠠᠭᠠᠤᠨ᠂ ᠶᠠᠭᠤ ᠪᠣᠯᠤᠭᠰᠠᠨ ᠢ ᠣᠢ᠌ᠯᠠᠭᠠᠭᠰᠠᠨ ᠦᠭᠡᠶ ᠭᠡᠨ᠎ᠡ᠃ ᠮᠥᠩᠭᠦᠨ ᠴᠢᠰᠤ ᠳᠤᠰᠤᠯᠠᠭᠠᠤᠨ ᠮᠦᠷᠠᠨ ᠭᠤᠤᠯ ᠪᠣᠯᠵᠤ ᠭᠡᠨ᠎ᠡ᠂ ᠮᠥᠩᠭᠡ ᠶᠢᠨ ᠨᠣᠢ᠌ᠷ ᠲᠤ ᠪᠠᠨ ᠠᠪᠳᠠᠭᠠᠤᠨ ᠡᠵᠢ ᠨᠢ ᠰᠡᠷᠢᠭ᠍ᠰᠡᠨ ᠦᠭᠡᠶ ᠭᠡᠨ᠎ᠡ᠃ ᠰᠠᠢ᠌ᠬᠠᠨ ᠡᠵᠢ ᠪᠠᠨ ᠠᠮᠠᠷᠠᠵᠤ ᠣᠠᠳᠠᠭ ᠭᠡᠳ ᠰᠡᠷᠢᠭᠡᠵᠤ ᠳᠠᠷᠠ ᠵᠢᠷᠦᠭᠡᠯᠡᠭ᠍ᠰᠡᠨ ᠦᠭᠡᠶ ᠭᠡᠨ᠎ᠡ᠃

        ᠰᠠᠷ᠎ᠠ ᠵᠢᠯ ᠣᠷᠤᠰᠴᠤ᠂ ᠰᠠᠭᠯᠠᠭᠠᠷ ᠮᠤᠳᠤ ᠣᠷᠭᠤᠵᠤ ᠭᠡᠨ᠎ᠡ᠃ ᠡᠨᠡ ᠬᠤᠭᠤᠴᠠᠭᠠᠨ ᠳᠤ ᠪᠣᠳᠤᠭᠤ ᠡᠷ᠎ᠡ ᠪᠠᠶ᠎ᠠ ᠨᠢ ᠦᠰᠴᠦ ᠢᠳᠠᠷ ᠴᠠᠭᠠᠨ ᠪᠣᠤᠷ᠎ᠠ ᠪᠣᠯᠵᠤ ᠭᠡᠨ᠎ᠡ᠃ ᠡᠵᠢ ᠶᠢᠨ ᠶᠢᠡᠨ ᠵᠢᠭᠠᠵᠤ ᠦᠭ‍ᠭᠦᠭ᠍ᠰᠡᠨ ᠶᠡᠭᠡ ᠪᠦᠷᠢᠳᠤ ᠳᠤ ᠢᠳᠠᠰᠢᠯᠠᠵᠤ ᠦᠰᠴᠦ ᠭᠡᠨ᠎ᠡ᠃

        ᠨᠢᠭᠡ ᠡᠳᠦᠷ ᠠᠷᠭᠢᠯ ᠴᠠᠭᠠᠨ ᠪᠣᠤᠷ᠎ᠠ ᠳᠡᠭ᠍ᠷᠢ ᠶᠢᠨ ᠬᠠᠨ ᠤ ᠭᠢ ᠡᠴᠡ ᠶ‍ᠢᠷᠤ ᠶ‍ᠢᠰᠤᠨ ᠴᠠᠭᠠᠨ ᠳᠡᠮᠡᠭᠡ ᠪᠠᠨ ᠶᠡᠭᠡ ᠪᠦᠷᠢᠳᠤ ᠳᠤ ᠪᠠᠨ ᠬᠤᠷᠢᠶᠠᠵᠤ ᠠᠪᠴᠢᠷᠠᠭᠠᠤᠨ᠂ ᠬᠠᠨ ᠤ ᠴᠡᠷᠢᠭ᠌ ᠢ ᠴᠤ ᠭᠦᠷᠭᠡᠯ ᠦᠭᠡᠶ ᠳᠠᠨᠠᠨ ᠴᠠᠭᠠᠨ ᠳᠡᠮᠡᠭᠡᠨ ᠰᠥᠷᠦᠭ᠌ ᠶᠢᠡᠨ ᠮᠠᠩᠯᠠᠢ᠌ᠯᠠᠵᠤ᠂ ᠳᠠᠪᠠ ᠪᠠᠷ ᠶᠢᠡᠨ ᠶᠡᠭᠡ ᠭᠤᠪᠢ ᠳᠤ ᠪᠠᠨ ᠠᠮᠤᠷ ᠰᠠᠢ᠌ᠬᠠᠨ ᠵᠢᠷᠭᠠᠵᠤ ᠭᠡᠨ᠎ᠡ᠃

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁