ᠤᠴᠠᠷᠠᠯ ᠤᠨ ᠤᠶᠠᠩᠭ᠎ᠠ
(ᠪᠠᠲᠤ᠊ᠡᠷᠳᠡᠨᠢ᠂ ᠣᠶᠤᠮᠠ ᠳᠠᠭᠤᠯᠠᠪᠠ)
ᠭᠡᠷᠦᠯᠤᠨ ᠮᠦᠷᠠᠨ ᠤ ᠣᠷᠤᠰᠬᠠᠯ ᠢ
ᠥᠭ᠍ᠰᠦᠵᠤ ᠶᠠᠪᠣᠶ᠎ᠠ ᠬᠤᠶᠠᠭᠤᠯᠠ ᠪᠠᠨ
ᠭᠡᠴᠡᠭᠦᠤ ᠠᠮᠢᠳᠤᠷᠠᠯ ᠤᠨ ᠭᠦᠡᠳᠤ ᠶᠢ
ᠰᠦᠷᠤᠵᠤ ᠯᠠ ᠳᠠᠪᠠᠶ᠎ᠠ ᠬᠤᠶᠠᠭᠤᠯᠠ ᠪᠠᠨ
ᠭᠡᠴᠡᠭᠦᠤ ᠠᠮᠢᠳᠤᠷᠠᠯ ᠤᠨ ᠭᠦᠡᠳᠤ ᠶᠢ
ᠰᠦᠷᠤᠵᠤ ᠯᠠ ᠳᠠᠪᠠᠶ᠎ᠠ ᠬᠤᠶᠠᠭᠤᠯᠠ ᠪᠠᠨ
ᠢᠷᠭᠣᠢ᠌ᠳᠤ ᠴᠡᠩᠭᠡᠷ ᠳᠠᠯ᠎ᠠ ᠳᠠᠭᠠᠨ
ᠡᠷᠭᠡᠯᠡᠵᠤ ᠶᠠᠪᠣᠶ᠎ᠠ ᠬᠤᠶᠠᠭᠤᠯᠠ ᠪᠠᠨ
ᠢᠨᠠᠭ ᠤᠨ ᠴᠠᠪᠠᠷ ᠰᠡᠳᠭᠢᠯ ᠶᠢᠡᠨ
ᠡᠩᠬᠦᠷᠡᠢ᠌ᠯᠡᠵᠤ ᠶᠠᠪᠣᠶ᠎ᠠ ᠬᠤᠶᠠᠭᠤᠯᠠ ᠪᠠᠨ
ᠢᠨᠠᠭ ᠤᠨ ᠴᠠᠪᠠᠷ ᠰᠡᠳᠭᠢᠯ ᠶᠢᠡᠨ
ᠡᠩᠬᠦᠷᠡᠢ᠌ᠯᠡᠵᠤ ᠶᠠᠪᠣᠶ᠎ᠠ ᠬᠤᠶᠠᠭᠤᠯᠠ ᠪᠠᠨ
ᠬᠠᠢ᠌ᠷᠬᠠᠨ ᠠᠭᠤᠯᠠ ᠶᠢᠨ ᠣᠷᠭᠢᠯ ᠳᠤ
ᠮᠠᠴᠤᠵᠤ ᠭᠠᠷᠤᠶ᠎ᠠ ᠬᠤᠶᠠᠭᠤᠯᠠ ᠪᠠᠨ
ᠬᠠᠢ᠌ᠷ᠎ᠠ ᠶᠢᠨ ᠦᠨᠡᠨ ᠰᠡᠳᠭᠢᠯ ᠶᠢᠡᠨ
ᠮᠠᠨᠠᠵᠤ ᠶᠠᠪᠣᠶ᠎ᠠ ᠬᠤᠶᠠᠭᠤᠯᠠ ᠪᠠᠨ
ᠬᠠᠢ᠌ᠷ᠎ᠠ ᠶᠢᠨ ᠦᠨᠡᠨ ᠰᠡᠳᠭᠢᠯ ᠶᠢᠡᠨ
ᠮᠠᠨᠠᠵᠤ ᠶᠠᠪᠣᠶ᠎ᠠ ᠬᠤᠶᠠᠭᠤᠯᠠ ᠪᠠᠨ
ᠣᠳᠤᠮ ᠤᠨ ᠵᠠᠶᠠᠭᠠᠳᠤ ᠨᠤᠳᠤᠭ ᠶᠢᠡᠨ
ᠰᠢᠳᠤᠵᠤ ᠶᠠᠪᠣᠶ᠎ᠠ ᠬᠤᠶᠠᠭᠤᠯᠠ ᠪᠠᠨ
ᠣᠬᠠᠭᠠᠠᠳᠤ ᠠᠪᠣ ᠡᠵᠢ ᠪᠠᠨ
ᠳᠡᠭᠡᠳᠦᠯᠡᠵᠤ ᠶᠠᠪᠣᠶ᠎ᠠ ᠬᠤᠶᠠᠭᠤᠯᠠ ᠪᠠᠨ
ᠣᠬᠠᠭᠠᠠᠳᠤ ᠠᠪᠣ ᠡᠵᠢ ᠪᠠᠨ
ᠳᠡᠭᠡᠳᠦᠯᠡᠵᠤ ᠶᠠᠪᠣᠶ᠎ᠠ ᠬᠤᠶᠠᠭᠤᠯᠠ ᠪᠠᠨ
ᠣᠴᠠᠷᠠᠯ ᠤᠨ ᠣᠶᠠᠩᠭ᠋ᠠᠳᠤ ᠳᠠᠭᠤᠤ ᠪᠠᠨ
ᠳᠠᠭᠤᠯᠠᠵᠤ ᠶᠠᠪᠣᠶ᠎ᠠ ᠬᠤᠶᠠᠭᠤᠯᠠ ᠪᠠᠨ
ᠣᠨᠠᠭᠠᠨ ᠪᠠᠭ᠎ᠠ ᠶᠢᠨ ᠠᠭᠠᠰᠢ ᠪᠠᠨ
ᠬᠠᠳᠠᠭᠠᠯᠠᠵᠤ ᠶᠠᠪᠣᠶ᠎ᠠ ᠬᠤᠶᠠᠭᠤᠯᠠ ᠪᠠᠨ
ᠣᠨᠠᠭᠠᠨ ᠪᠠᠭ᠎ᠠ ᠶᠢᠨ ᠠᠭᠠᠰᠢ ᠪᠠᠨ
ᠬᠠᠳᠠᠭᠠᠯᠠᠵᠤ ᠶᠠᠪᠣᠶ᠎ᠠ ᠬᠤᠶᠠᠭᠤᠯᠠ ᠪᠠᠨ