ᠤᠴᠠᠷᠠᠨ ᠵᠤᠯᠭᠠᠬᠤ ᠶᠢᠨ ᠢᠷᠦᠭᠡᠯ

ᠳᠠᠭᠤᠴᠢᠨ᠄ ᠪᠦᠬᠦ ᠤᠳᠤᠳ
ᠦᠭᠡ᠄ ᠳ·ᠰᠤᠳᠨᠠᠠᠮᠳᠤᠷᠵᠢ
ᠠᠶ᠎ᠠ᠄ ᠴ·ᠴᠢᠩᠵᠤᠷᠢᠭ
ᠴᠤᠮᠤᠭ ᠤᠨ ᠬᠠᠷᠢᠶ᠎ᠠ᠄ ᠬᠠᠮ ᠴᠤᠭᠯᠠᠷᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 38942
ᠴᠠᠭ᠄ 2008 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ

(ᠳᠠᠭᠤᠴᠢᠨ ᠥᠯᠵᠡᠢᠤ᠋ᠷᠤᠰᠢᠬᠤ)

 

ᠠᠷᠠᠤᠨ ᠤᠨ ᠰᠤᠷᠭᠠᠭᠤᠯᠢ ᠶᠢᠨ ᠠᠯᠳᠠᠨ ᠪᠣᠱᠤᠭ᠎ᠠ ᠵᠢ

ᠠᠯᠬᠤᠵᠤ ᠣᠷᠤᠭᠰᠠᠨ ᠠᠩᠬᠠᠨ ᠤ ᠡᠳᠦᠷ ᠤᠳ ᠡᠴᠡ

ᠠᠷᠪᠢᠨ ᠡᠷᠳᠡᠮ ᠢ ᠰᠢᠮᠠᠳᠠᠨ ᠭᠦᠷᠳᠡᠭ᠍ᠰᠡᠭᠡᠷ

ᠠᠷᠪᠠᠨ ᠵᠢᠯ ᠢ ᠠᠷᠤ ᠳᠠᠭᠠᠨ ᠣᠷᠭᠢᠯ᠎ᠠ

 

ᠭᠦᠰᠡᠯ ᠤᠨ ᠵᠢᠭᠦᠷ ᠣᠷᠭᠤᠭᠤᠯᠵᠤ ᠦᠭ‍ᠭᠦᠭ᠍ᠰᠡᠨ

ᠭᠦᠷᠭᠦ ᠢᠷᠡᠭᠡᠳᠦᠢ ᠶᠢ ᠣᠭᠳᠤᠭᠤᠯᠵᠤ ᠵᠢᠭᠠᠭᠰᠠᠨ

ᠠᠷᠪᠠᠨ ᠵᠢᠯ ᠤᠨ ᠰᠤᠷᠭᠠᠭᠤᠯᠢ ᠪᠠᠨ ᠳᠤᠷᠠᠰᠴᠤ

ᠠᠴᠢᠳᠤ ᠪᠠᠭᠰᠢ ᠨᠡᠷ ᠪᠠᠨ ᠰᠠᠨᠠᠵᠤ ᠶᠠᠪᠣᠨ᠎ᠠ

 

ᠭᠡᠳᠦᠭᠡᠨ ᠰᠢᠭᠢᠷ ᠶᠢᠡᠨ ᠳᠠᠯᠠᠯᠠᠨ ᠬᠤᠪᠢᠶᠠᠵᠤ

ᠭᠡᠴᠡᠭᠦᠭᠡᠨ ᠭᠢᠴᠢᠶᠠᠯ ᠶᠢᠡᠨ ᠬᠠᠮᠳᠤᠷᠠᠨ ᠳᠠᠪᠳᠠᠵᠤ

ᠰᠤᠷᠤᠭᠴᠢ ᠶᠢᠨ ᠬᠤᠪᠴᠠᠰᠤ ᠪᠠᠷ ᠢᠵᠢᠯᠳᠠᠨ ᠭᠤᠶᠤᠯᠠᠭᠰᠠᠨ

ᠰᠤᠷᠭᠠᠭᠤᠯᠢ ᠶᠢᠨ ᠵᠢᠯ ᠤᠳ ᠲᠤ ᠳᠡᠩᠳᠡᠭᠦᠤ ᠳᠠᠰᠴᠠᠢ

 

ᠵᠤᠵᠠᠭᠠᠨ ᠳᠠᠪᠳᠠᠷ ᠲᠤ ᠥᠯᠡᠳᠡᠭᠡᠵᠤ ᠦᠭ‍ᠭᠦᠭ᠍ᠰᠡᠨ

ᠵᠢᠷᠤᠭ ᠳᠤᠷᠠᠰᠬᠠᠯ ᠴᠢᠨᠢ ᠳᠤᠷᠠᠢ᠌ᠵᠤ ᠪᠠᠢ᠌ᠨ᠎ᠠ

ᠵᠠᠭᠤᠷᠠᠳᠤ ᠶᠢᠨ ᠪᠢᠰᠢ ᠡᠭᠦᠷᠢᠳᠡ ᠶᠢᠨ ᠰᠡᠳᠭᠢᠯ ᠶᠢᠡᠷ

ᠵᠠᠭᠤᠨ ᠨᠠᠰᠤᠯᠠᠭᠰᠠᠨ ᠴᠤ ᠬᠠᠳᠠᠭᠠᠯᠠᠵᠤ ᠶᠠᠪᠣᠨ᠎ᠠ

 

ᠠᠵᠢᠯ ᠠᠮᠢᠳᠤᠷᠠᠯ ᠤᠨ ᠵᠠᠮ ᠢ ᠳᠠᠭᠠᠭᠠᠤᠨ

ᠠᠷᠪᠠᠨ ᠵᠥᠭ᠌ ᠲᠡᠭᠡᠨ ᠵᠠᠮᠨᠠᠨ ᠣᠳᠤᠭᠠᠤᠨ

ᠠᠭᠤᠳᠠᠮ ᠨᠤᠳᠤᠭ ᠲᠠᠭᠠᠨ ᠳᠠᠷᠬᠠᠨ ᠰᠠᠭᠤᠭᠰᠠᠨ ᠴᠤ

ᠣᠴᠠᠷᠠᠨ ᠵᠤᠯᠭᠠᠬᠤ ᠶᠢᠨ ᠢᠷᠦᠭᠡᠯ ᠪᠠᠢ᠌ᠨ᠎ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ