ᠵᠡᠭᠦᠳᠦᠨ ᠲᠩᠷᠢ

ᠳᠠᠭᠤᠴᠢᠨ᠄ ᠪᠦᠬᠦ ᠤᠳᠤᠳ
ᠠᠶ᠎ᠠ᠄ ᠲ·ᠰᠡᠷ᠊᠊ᠤ᠋ᠳᠤ
ᠴᠤᠮᠤᠭ ᠤᠨ ᠬᠠᠷᠢᠶ᠎ᠠ᠄ ᠬᠠᠢᠷ᠎ᠠ ᠳᠤᠷᠠᠯᠠᠯ ᠤᠨ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 12074
ᠴᠠᠭ᠄ 2008 ᠤᠨ ᠤ 01 ᠰᠠᠷ᠎ᠠ ᠶᠢᠨ 19
ᠨᠠᠢ᠌ᠷᠠᠭᠤᠯᠤᠭᠴᠢ᠄ burgud
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠳᠠᠭᠤᠴᠢᠨ ᠰ·ᠤᠳᠤᠭᠡᠷᠡᠯ)

 

ᠵᠢᠷᠦᠭᠡᠨ ᠡᠴᠡ ᠮᠢᠨᠢ ᠨᠢᠰᠦᠭ᠍ᠰᠡᠨ ᠬᠠᠢ᠌ᠷ᠎ᠠ ᠶᠢᠨ ᠭᠡᠷᠡᠯᠳᠤ ᠰᠢᠪᠠᠭᠤ

ᠵᠡᠭᠦᠳᠤᠨ ᠳᠡᠭᠡᠨ ᠯᠠ ᠠᠷᠭᠠᠳᠠᠵᠤ ᠶᠠᠪᠣᠭᠠᠷᠠᠢ᠂ ᠮᠢᠨᠤ ᠵᠢᠭᠠᠬᠠᠨ ᠠᠯᠳᠠᠷᠠᠢ

ᠨᠢᠳᠤᠨ ᠭᠡᠷᠡᠯᠳᠤ ᠣᠳᠤᠳ ᠤᠨ ᠠᠨᠢᠪᠴᠢᠬᠤ ᠬᠠᠷᠠᠴᠠᠨ ᠡᠴᠡ ᠨᠢᠭᠤᠭᠳᠠᠵᠤ

ᠨᠢᠭᠦᠯ ᠭᠡᠭ᠍ᠴᠢ ᠶᠢ ᠣᠮᠠᠷᠳᠠᠨ ᠨᠠᠳᠠ ᠳᠠᠭᠠᠨ ᠴᠢ ᠮᠢᠨᠢ ᠢᠷᠡᠭᠡᠷᠡᠢ

ᠢᠷᠡᠭᠦ ᠶᠢᠨ ᠴᠠᠭᠠᠨ ᠮᠦᠷ ᠲᠤ ᠴᠢᠨᠢ ᠨᠢᠭᠤᠭᠳᠠᠩᠬᠠᠨ ᠭᠦᠯᠢᠶᠡᠶ᠎ᠡ

ᠶᠡᠭᠡ ᠯᠠ ᠬᠠᠢ᠌ᠷ᠎ᠠ ᠶᠢᠨ ᠳᠠᠯᠠᠢ ᠮᠢᠨᠤ ᠵᠡᠭᠦᠳᠤᠨ ᠳᠡᠭ᠍ᠷᠢ ᠡ

 

ᠬᠠᠢ᠌ᠷ᠎ᠠ ᠡᠴᠡ ᠮᠢᠨᠢ ᠳᠤᠨᠤᠷᠠᠭᠰᠠᠨ ᠵᠢᠷᠦᠭᠡᠨ ᠤ ᠭᠡᠭᠡᠨ ᠠᠶᠠᠯᠭᠤ ᠶᠢ

ᠬᠠᠢ᠌ᠷᠠᠨ ᠳᠠᠭᠠᠨ ᠯᠠ ᠡᠡᠭ᠍ᠭᠦᠷᠢᠯᠡᠵᠤ ᠶᠠᠪᠣᠭᠠᠷᠠᠢ᠂ ᠮᠢᠨᠤ ᠵᠢᠭᠠᠬᠠᠨ ᠠᠯᠳᠠᠷᠠᠢ

ᠣᠯᠠᠭᠠᠨ ᠳᠡᠷᠭᠡᠯ ᠰᠠᠷᠠᠨ ᠤ ᠳᠤᠨᠤᠷᠠᠭᠰᠠᠨ ᠭᠡᠷᠡᠯ ᠤᠨ ᠳᠤᠶᠠᠭ᠎ᠠ ᠲᠡᠶ

ᠢᠨᠠᠭ ᠤᠨ ᠴᠠᠭᠠᠨ ᠡᠩᠭᠡᠷ ᠲᠤ ᠮᠢᠨᠢ ᠮᠢᠨᠤᠭᠢ ᠶᠤᠮ ᠰᠢᠭ᠌ ᠡᠷᠭᠡᠯᠡᠭᠡᠷᠡᠢ

ᠡᠷᠭᠡᠯᠡᠭᠦ ᠶᠢᠨ ᠭᠡᠭᠡᠨ ᠮᠦᠷ ᠲᠤ ᠴᠢᠨᠢ ᠪᠦᠤᠪᠠᠢ᠌ᠯᠠᠨ ᠵᠢᠷᠭᠠᠶ᠎ᠠ

ᠡᠨᠡ ᠯᠠ ᠰᠡᠳᠭᠢᠯ ᠤᠨ ᠭᠡᠭᠡ ᠮᠢᠨᠤ ᠵᠡᠭᠦᠳᠤᠨ ᠳᠡᠭ᠍ᠷᠢ ᠡ

 

ᠠᠰᠬᠠᠷᠠᠨ ᠮᠡᠯᠮᠡᠷᠡᠭ᠍ᠰᠡᠨ ᠮᠢᠨᠤ ᠠᠷᠢᠭᠤᠨ ᠬᠠᠢ᠌ᠷ᠎ᠠ ᠶᠢ

ᠠᠶᠠᠯᠭᠤᠨ ᠳᠠᠭᠠᠨ ᠯᠠ ᠡᠡᠭ᠍ᠭᠦᠷᠡᠢᠯᠡᠵᠤ ᠶᠠᠪᠣᠭᠠᠷᠠᠢ᠂ ᠮᠢᠨᠤ ᠵᠢᠭᠠᠬᠠᠨ ᠠᠯᠳᠠᠷᠠᠢ

ᠳᠠᠭᠤᠯᠠᠬᠤ ᠶᠢᠨ ᠭᠡᠷᠡᠯᠳᠤ ᠣᠷᠴᠢᠯᠠᠩ ᠳᠤ ᠳᠤᠭᠤᠯᠠᠬᠤ ᠶᠢᠨ ᠳᠡᠭ᠍ᠷᠢ ᠭᠡᠳᠦᠯᠵᠤ

ᠳᠤᠷᠠᠯᠬᠤ ᠶᠢᠨ ᠵᠠᠶᠠᠭ᠎ᠠ ᠶᠢ ᠳᠡᠭ᠍ᠰᠢᠯᠡᠨ ᠨᠠᠳᠠ ᠳᠠᠭᠠᠨ ᠴᠢ ᠮᠢᠨᠢ ᠢᠷᠡᠭᠡᠷᠡᠢ

ᠢᠷᠡᠭᠦ ᠶᠢᠨ ᠴᠠᠭᠠᠨ ᠮᠦᠷ ᠲᠤ ᠴᠢᠨᠢ ᠨᠢᠭᠤᠭᠳᠠᠩᠬᠠᠨ ᠭᠦᠯᠢᠶᠡᠶ᠎ᠡ

ᠶᠡᠭᠡ ᠯᠠ ᠬᠠᠢ᠌ᠷ᠎ᠠ ᠶᠢᠨ ᠳᠠᠯᠠᠢ ᠮᠢᠨᠤ ᠵᠡᠭᠦᠳᠤᠨ ᠳᠡᠭ᠍ᠷᠢ ᠡ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁