ᠰᠡᠷᠭᠦᠯᠡᠩ ᠤᠷᠠᠨ

ᠳᠠᠭᠤᠴᠢᠨ᠄ ᠳᠡᠯᠭᠡᠷᠡᠩᠭᠦᠢ
ᠦᠭᠡ᠄ ᠳᠡᠯᠭᠡᠷᠡᠩᠭᠦᠢ
ᠠᠶ᠎ᠠ᠄ ᠠᠷᠠᠳ ᠤᠨ ᠳᠠᠭᠤᠤ ᠶᠢᠨ ᠠᠶ᠎ᠠ
ᠴᠤᠮᠤᠭ ᠤᠨ ᠬᠠᠷᠢᠶ᠎ᠠ᠄ ᠳᠡᠯᠭᠡᠷᠡᠩᠭᠦᠢ ᠶᠢᠨ ᠳᠠᠭᠤᠤ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠳᠡᠯᠭᠡᠷᠡᠩᠭᠦᠢ ᠬᠠᠩᠭᠠᠪᠠ
ᠳᠠᠷᠤᠮ᠄ 4746
ᠴᠠᠭ᠄ 2018 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠣᠷᠢ᠍ᠳ᠋ᠦ ᠬᠠᠨᠵᠣᠨ ᠤ ᠪᠠᠨ ᠳᠡᠭᠡᠷ᠎ᠠ ᠪᠠᠨ ᠣᠯᠪᠣᠭ ᠳᠠᠷᠣᠭᠠᠳ ᠰᠠᠭᠣᠯ᠎ᠠ ᠳ᠋ᠠ

ᠣᠯᠠᠭᠠᠨ ᠨᠣᠭᠣᠭᠠᠨ ᠲᠣᠷᠭᠠᠨ ᠣᠳ᠋ᠠᠰᠣ ᠪᠠᠨ ᠡᠮᠦᠨ᠎ᠠ ᠪᠠᠨ ᠵᠡᠷᠭᠡᠯᠡᠵᠡᠢ

ᠣᠷᠢ᠍ᠳ᠋ᠦ ᠶᠢᠨ ᠲᠡᠣᠬᠡ ᠪᠠᠨ ᠡᠷᠭᠢᠴᠡᠭᠦᠯᠦᠨ ᠡᠷᠭᠢᠴᠡᠭᠦᠯᠦᠨ

ᠣᠷᠠᠯᠢ᠍ᠭ ᠲᠥᠷᠦᠭ᠍ᠰᠡᠨ ᠰᠡᠷᠭᠦᠯᠡᠩ ᠠᠩᠭ᠎ᠠ ᠥᠢ᠍ᠯᠡ ᠶᠣᠭᠡᠨ ᠡᠭᠦᠰᠭᠡᠵᠡᠢ ᠬᠦᠢ

 

ᠬᠣᠢ᠌ᠲᠦ ᠬᠠᠨᠵᠣᠨ ᠤ ᠪᠠᠨ ᠳᠡᠭᠡᠷ᠎ᠠ ᠪᠠᠨ ᠣᠯᠪᠣᠭ ᠳᠠᠷᠣᠭᠠᠳ ᠰᠠᠭᠣᠯ᠎ᠠ ᠳ᠋ᠠ

ᠬᠠᠷ᠎ᠠ ᠶᠠᠭᠠᠨ ᠲᠣᠷᠭᠠᠨ ᠣᠳ᠋ᠠᠰᠣ ᠪᠠᠨ ᠬᠠᠵᠠᠭᠣ ᠳᠠᠭᠠᠨ ᠵᠡᠷᠭᠡᠯᠡᠵᠡᠢ

ᠬᠠᠮᠣᠭ ᠮᠣᠩᠭ᠋ᠣᠯ ᠤᠨ ᠲᠡᠣᠬᠡ ᠪᠠᠨ ᠡᠷᠭᠢᠴᠡᠭᠦᠯᠦᠨ ᠡᠷᠭᠢᠴᠡᠭᠦᠯᠦᠨ

ᠬᠣᠪᠢᠯᠢ᠍ᠭ ᠲᠥᠷᠦᠭ᠍ᠰᠡᠨ ᠰᠡᠷᠭᠦᠯᠡᠩ ᠠᠩᠭ᠎ᠠ ᠥᠢ᠍ᠯᠡ ᠶᠣᠭᠡᠨ ᠡᠭᠦᠰᠭᠡᠵᠡᠢ ᠬᠦᠢ

 

ᠪᠣᠷᠣ ᠲᠣᠷᠭᠠᠨ ᠣᠭᠣᠲᠠᠨ ᠳᠡᠭᠡᠷ᠎ᠠ ᠪᠠᠨ ᠣᠶ‍ᠣᠭᠠᠳ ᠲᠡᠭᠡᠭ᠍ᠰᠡᠨ ᠢ ᠨᠢ ᠥᠵᠡᠭᠡᠳ ᠲᠡᠭᠡ ︕

ᠪᠦᠭᠦᠳ᠋ᠡ ᠶᠢᠨ ᠳᠡᠭᠡᠳ᠋ᠦᠰ ᠪᠥᠷᠳ᠋ᠡ ᠴᠢ᠍ᠨᠥ᠎ᠠ ᠶᠢ ᠲᠡᠷᠢ᠍ᠭᠦᠨ ᠳ᠋ᠣᠨᠢ ᠣᠷᠠᠯᠠᠵᠠᠢ

ᠪᠥᠷᠳ᠋ᠡ ᠴᠢ᠍ᠨᠥ᠎ᠠ᠂ ᠬᠣᠸ᠎ᠠ ᠮᠠᠷᠠᠯ ᠪᠣᠷᠬᠠᠨ ᠬᠠᠯᠳ᠋ᠣᠨ ᠤ ᠡᠩᠭᠡᠷ ᠲᠣ

ᠪᠥᠮᠪᠦᠭᠡᠷ ᠴᠠᠭᠠᠨ ᠭᠡᠷ ᠶᠣᠭᠡᠨ ᠪᠠᠢ᠌ᠭᠣᠯᠵᠦ ᠪᠠᠢ᠌ᠬᠣ ᠪᠡᠷ ᠣᠷᠠᠯᠠᠴᠢ᠍ᠬᠠᠵᠠᠢ ᠬᠦᠢ

 

ᠲᠣᠷᠭᠠᠨ ᠣᠭᠣᠲᠠᠨ ᠳᠡᠭᠡᠷ᠎ᠠ ᠪᠠᠨ ᠣᠶ‍ᠣᠭᠠᠳ ᠲᠡᠭᠡᠭ᠍ᠰᠡᠨ ᠢ ᠨᠢ ᠥᠵᠡᠭᠡᠳ ᠲᠡᠭᠡ ︕

ᠲᠥᠮᠡᠨ ᠤ ᠡᠬᠡ ᠠᠯᠣᠩᠭ᠋ᠣᠸ᠎ᠠ ᠶᠢ ᠲᠡᠷᠢ᠍ᠭᠦᠨ ᠳ᠋ᠣᠨᠢ ᠣᠷᠠᠯᠠᠵᠠᠢ

ᠲᠠᠪᠣᠨ ᠬᠡᠣᠬᠡᠳ ᠨᠢ ᠲᠡᠮᠡᠴᠡᠯᠳ᠋ᠦᠵᠦ ᠨᠣᠴᠣᠯᠳ᠋ᠣᠭᠠᠳ ᠪᠣᠯᠬᠣ ᠦᠭᠡᠶ ᠲᠣᠯᠠ

ᠲᠠᠪᠣᠨ ᠮᠥᠰᠦ ᠪᠡᠷ ᠰᠣᠷᠭᠠᠵᠦ ᠪᠠᠢ᠌ᠬᠣ ᠪᠡᠷ ᠣᠷᠠᠯᠠᠴᠢ᠍ᠬᠠᠵᠠᠢ ᠰᠡᠷᠭᠦᠯᠡᠩ ᠤᠨ ᠣᠷᠠᠨ ᠬᠦᠢ

 

ᠠᠷᠲᠠᠢ ᠲᠣᠷᠭᠠᠨ ᠣᠭᠣᠲᠠᠨ ᠳᠡᠭᠡᠷ᠎ᠠ ᠪᠠᠨ ᠣᠶ‍ᠣᠭᠠᠳ ᠲᠡᠭᠡᠭ᠍ᠰᠡᠨ ᠢ ᠨᠢ ᠥᠵᠡᠭᠡᠳ ᠲᠡᠭᠡ ︕

ᠠᠭᠣᠣ ᠪᠣᠭᠳ᠋ᠠ ᠴᠢ᠍ᠩᠭᠢᠰ ᠬᠠᠭᠠᠨ ᠢ ᠲᠡᠷᠢ᠍ᠭᠦᠨ ᠳ᠋ᠣᠨᠢ ᠣᠷᠠᠯᠠᠵᠠᠢ

ᠠᠷᠭ᠎ᠠ ᠪᠣᠯᠣᠨ ᠣᠬᠠᠭᠠᠨ ᠶᠢᠡᠷ ᠠᠯᠲᠠᠨ ᠳᠡᠯᠡᠬᠡᠢ ᠶᠢ ᠲᠣᠭᠲᠠᠭᠠᠭᠠᠳ

ᠠᠯᠲᠠᠨ ᠲᠥᠷᠦ ᠶᠣᠭᠡᠨ ᠪᠠᠢ᠌ᠭᠣᠯᠵᠦ ᠪᠠᠢ᠌ᠬᠣ ᠪᠡᠷ ᠣᠷᠠᠯᠠᠴᠢ᠍ᠬᠠᠵᠠᠢ ᠰᠡᠷᠭᠦᠯᠡᠩ ᠤᠨ ᠣᠷᠠᠨ ᠬᠦᠢ

 

ᠬᠥᠬᠡ ᠲᠣᠷᠭᠠᠨ ᠣᠭᠣᠲᠠᠨ ᠤ ᠳᠡᠭᠡᠷ᠎ᠠ ᠪᠠᠨ ᠣᠶ‍ᠣᠭᠠᠳ ᠲᠡᠭᠡᠭ᠍ᠰᠡᠨ ᠢ ᠨᠢ ᠥᠵᠡᠭᠡᠳ ᠲᠡᠭᠡ ︕

ᠬᠥᠴᠦᠨ ᠴᠢ᠍ᠳ᠋ᠠᠯᠲᠠᠢ ᠬᠠᠰᠠᠷ ᠪᠣᠭᠳ᠋ᠠ ᠶᠢ ᠲᠡᠷᠢ᠍ᠭᠦᠨ ᠳ᠋ᠣᠨᠢ ᠣᠷᠠᠯᠠᠵᠠᠢ ᠬᠦᠢ

ᠬᠠᠷᠪᠣᠵᠦ ᠨᠠᠮᠨᠠᠬᠣ ᠶᠢᠨ ᠬᠥᠴᠦᠨ ᠶᠢᠡᠷ ᠬᠠᠭᠠᠨ ᠠᠬ᠎ᠠ ᠳᠠᠭᠠᠨ ᠬᠠᠪᠰᠣᠷᠠᠭᠠᠳ

ᠬᠠᠮᠣᠭ ᠳᠡᠯᠡᠬᠡᠢ ᠶᠢ ᠬᠣᠷᠢ᠍ᠶᠠᠮᠵᠢ᠍ᠯᠠᠵᠦ ᠪᠠᠢ᠌ᠬᠣ ᠪᠡᠷ ᠣᠷᠠᠯᠠᠴᠢ᠍ᠬᠠᠵᠠᠢ ᠰᠡᠷᠭᠦᠯᠡᠩ ᠤᠨ ᠣᠷᠠᠨ ᠬᠦᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ