ᠴᠠᠬᠢᠷ ᠤᠨ ᠠᠭᠤᠯᠠᠰ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠦᠭᠡᠯᠡᠳ ᠭᠠᠯᠳᠠᠨ ᠬᠠᠩᠭᠠᠪᠠ
ᠳᠠᠷᠤᠮ᠄ 12167
ᠴᠠᠭ᠄ 2007 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ

(ᠪᠠᠲᠤᠰᠠᠢ᠌ᠬᠠᠨ᠂ ᠡᠷᠳᠡᠨᠢᠲᠤᠩᠭᠠᠯᠠᠭ ᠳᠠᠭᠤᠯᠠᠪᠠ)

 

ᠠᠷᠤ ᠦᠪᠣᠷ ᠤᠨ ᠴᠠᠢ᠌ᠳᠠᠮ ᠤᠨ ᠪᠠᠯᠴᠢᠭᠡᠷ ᠲᠤ ᠨᠢ

ᠠᠳᠤᠭᠤ ᠮᠠᠯ ᠳᠠᠷᠬᠠᠨ ᠢᠳᠡᠰᠢᠯᠡᠭ᠍ᠰᠡᠨ

ᠠᠢ᠌ᠯ ᠰᠠᠬᠠᠯᠳᠠ ᠶᠢᠨ ᠴᠠᠭᠠᠨ ᠦᠷᠦᠭᠡᠨ ᠳᠤ ᠨᠢ

ᠠᠢ᠌ᠷᠠᠭ ᠨᠠᠢ᠌ᠷᠠᠭ ᠤᠨ ᠳᠠᠭᠤᠤ ᠡᠭᠡᠰᠢᠭᠯᠡᠭ᠍ᠰᠡᠨ

        ᠠᠪᠣ ᠡᠵᠢ ᠶᠢ ᠮᠢᠨᠢ ᠰᠠᠨᠠᠭᠳᠠᠭᠤᠯᠤᠭᠰᠠᠨ

        ᠠᠳᠠᠯᠢᠬᠠᠨ ᠨᠠᠷ᠎ᠠ ᠲᠡᠶ ᠠᠭᠤᠯᠠᠰ ᠮᠢᠨᠢ

        ᠠᠮᠢᠳᠤᠷᠠᠯ ᠣᠢ᠌ᠯᠠᠰ ᠶᠢᠡᠨ ᠳᠠᠭᠠᠳᠬᠠᠨ ᠰᠥᠰᠦᠭᠯᠡᠭᠦ

        ᠠᠮᠢᠳᠤ ᠶᠢᠨ ᠳ᠋ᠸᠪᠠᠵᠠᠨ ᠴᠠᠭᠢᠷ ᠤᠨ ᠠᠭᠤᠯᠠᠰ ᠮᠢᠨᠢ

 

ᠪᠣᠭᠤᠷᠠᠯ ᠳᠡᠭᠡᠳᠦᠰ ᠤᠨ ᠠᠷᠢᠭᠤᠨ ᠪᠢᠰᠢᠷᠠᠯ ᠳᠤ

ᠪᠣᠶᠠᠨ ᠳᠤᠭᠳᠠᠭᠠᠵᠤ ᠡᠭᠦᠷᠢᠳᠡ ᠳᠠᠭᠢᠭᠰᠠᠨ

ᠣᠷᠤᠭ ᠲᠦᠷᠦᠯ ᠤᠨ ᠦᠷᠭᠡᠨ ᠭᠦᠡᠳᠦᠳᠭᠡᠯ ᠳᠤ

ᠣᠯᠠᠭᠠᠨ ᠰᠠᠭᠢᠭᠤᠰᠤ ᠮᠥᠩᠭᠡᠳᠡ ᠣᠷᠤᠰᠢᠭᠰᠠᠨ

        ᠳᠠᠭᠢᠯᠳᠠ

 

ᠢᠳᠠᠷ ᠶ‍ᠢᠰᠤ ᠶᠢᠨ ᠭᠦᠢᠳᠡᠨ ᠵᠢᠪᠠᠷ ᠶᠢᠡᠷ

ᠶᠡᠭᠡᠮᠰᠦᠭ᠌ ᠪᠣᠯᠤᠭᠠᠤᠨ ᠨᠠᠮᠪᠠᠯᠢᠭ ᠨᠠᠢ᠌ᠭᠠᠭᠰᠠᠨ

ᠡᠩᠭᠡᠷ ᠨᠠᠷᠠ ᠲᠡᠶ ᠳᠤᠯᠠᠭᠠᠨ ᠨᠦᠮᠦᠷᠢ ᠲᠤ ᠨᠢ

ᠡᠭᠡᠯ ᠲᠦᠮᠡᠨ ᠠᠮᠢᠳᠤᠷᠠᠨ ᠵᠢᠷᠭᠠᠭᠰᠠᠨ

        ᠳᠠᠭᠢᠯᠳᠠ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁