ᠮᠢᠨᠦ ᠮᠤᠩᠭᠤᠯ

ᠳᠠᠭᠤᠴᠢᠨ᠄ ᠳ·ᠰᠤᠰᠤᠷᠪᠠᠷᠠᠮ
ᠦᠭᠡ᠄ ᠷ·ᠴᠤᠢ᠌ᠨᠤᠮ
ᠴᠤᠮᠤᠭ ᠤᠨ ᠬᠠᠷᠢᠶ᠎ᠠ᠄ ᠮᠢᠨᠦ ᠮᠤᠩᠭᠤᠯ
ᠤᠷᠠᠯᠢᠭ ᠤᠨ ᠬᠤᠪᠢᠶᠠᠷᠢ᠄ ᠲᠤᠳᠤ ᠤᠩᠰᠢᠯᠭ᠎ᠠ
ᠳᠠᠷᠤᠮ᠄ 51871
ᠴᠠᠭ᠄ 2006 ᠤᠨ ᠤ 11 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ

(ᠷᠢᠨᠴᠢᠨ ᠤ ᠴᠣᠢ᠌ᠨᠠᠮ ᠤᠨ ᠰᠢᠯᠦᠭ᠌᠂ ᠰᠤᠰᠤᠷᠪᠠᠷᠠᠮ ᠣᠩᠰᠢᠪᠠ)

 

ᠮᠤᠩᠭ᠋ᠤᠯ ᠭᠡᠵᠤ

ᠵᠤᠷᠢᠭᠳᠠᠨ ᠡᠷᠡᠴᠦᠳ ᠨᠢ

ᠵᠤᠳᠤᠭ ᠲᠠᠭᠠᠨ ᠴᠢᠩᠭ᠋ᠠᠷᠠᠵᠤ

ᠵᠤᠭᠰᠤᠭ᠎ᠠ ᠪᠠᠷ ᠶᠢᠡᠨ ᠨᠥᠭ᠍ᠴᠢᠳᠡᠭ᠌

ᠵᠤᠷᠢᠮᠠᠭ ᠡᠭᠡ ᠣᠷᠤᠨ

ᠮᠤᠩᠭ᠋ᠤᠯ ᠭᠡᠵᠤ

ᠰᠠᠷᠠᠨ ᠭᠤᠸ᠎ᠠ

ᠰᠠᠭᠠᠯᠢᠴᠢᠨ ᠦᠬᠢᠳ ᠢ

ᠰᠠᠯᠭᠢᠨ ᠳᠤ ᠪᠣᠷᠤᠯᠠᠭᠤᠯᠠᠳᠠᠭ

ᠰᠠᠢ᠌ᠬᠠᠨ ᠡᠭᠡ ᠣᠷᠤᠨ

ᠮᠤᠩᠭ᠋ᠤᠯ ᠭᠡᠵᠤ

ᠳᠡᠭ᠍ᠷᠢ ᠨᠢ ᠴᠡᠩᠭᠡᠷ

ᠳᠡᠭ᠍ᠰᠢ ᠳᠠᠯ᠎ᠠ ᠨᠢ ᠴᠡᠯᠡᠭᠡᠷ

ᠳᠠᠠᠳᠠ ᠰᠠᠭᠤᠭᠴᠢᠳ ᠨᠢ ᠴᠡᠮᠴᠡᠭᠡᠷ

ᠳᠢᠪ ᠳᠡᠯᠡᠭᠡᠢ ᠳᠤ ᠬᠤᠤᠰ ᠦᠭᠡᠶ ᠡᠭᠡ ᠣᠷᠤᠨ

ᠮᠤᠩᠭ᠋ᠤᠯ ᠭᠡᠵᠤ

ᠠᠭᠤᠯᠠ ᠨᠢ ᠦᠨᠳᠦᠷ

ᠣᠰᠤ ᠨᠢ ᠳᠤᠩᠭ᠋ᠠᠯᠠᠭ

ᠣᠷᠭᠤᠮᠠᠯ ᠨᠢ ᠥᠩᠭᠡᠯᠢᠭ᠌

ᠠᠭᠤᠵᠢᠮ ᠰᠠᠢ᠌ᠬᠠᠨ ᠡᠭᠡ ᠣᠷᠤᠨ

ᠮᠤᠩᠭ᠋ᠤᠯ ᠭᠡᠵᠤ

ᠳᠡᠭ᠍ᠷᠢ ᠨᠢ ᠴᠡᠩᠭᠡᠷ

ᠳᠡᠭ᠍ᠰᠢ ᠳᠠᠯ᠎ᠠ ᠨᠢ ᠴᠡᠯᠡᠭᠡᠷ

ᠳᠠᠠᠳᠠ ᠰᠠᠭᠤᠭᠴᠢᠳ ᠨᠢ ᠴᠡᠮᠴᠡᠭᠡᠷ

ᠳᠢᠪ ᠳᠡᠯᠡᠭᠡᠢ ᠳᠤ ᠬᠤᠤᠰ ᠦᠭᠡᠶ ᠡᠭᠡ ᠣᠷᠤᠨ

ᠮᠤᠩᠭ᠋ᠤᠯ ᠤᠨ ᠳᠠᠭᠤᠤ ᠭᠡᠪᠠᠯ

ᠮᠤᠲ᠋ᠤᠷ ᠤᠨ ᠳᠠᠭᠤ ᠪᠢᠰᠢ

ᠮᠤᠷᠢᠳᠠᠨ ᠵᠠᠯᠠᠭᠤᠰ ᠢ ᠣᠶᠠᠷᠠᠭᠠᠭᠰᠠᠨ

ᠮᠣᠢ᠌ᠯ ᠬᠠᠷ᠎ᠠ ᠨᠢᠳᠤᠳᠠᠨ ᠤ ᠳᠠᠭᠤᠤ

ᠮᠤᠩᠭ᠋ᠤᠯ ᠤᠨ ᠳᠤᠷᠠᠰᠬᠠᠯ ᠭᠡᠪᠠᠯ

ᠮᠥᠩᠭᠦᠨ ᠪᠣᠷᠤᠠᠵᠠ ᠲᠡᠶ ᠱᠤᠬᠤᠢ ᠶᠢᠨ ᠪᠠᠷᠢᠯᠭ᠎ᠠ ᠪᠢᠰᠢ

ᠮᠦᠷ ᠨᠢ ᠪᠠᠯᠠᠷᠠᠰᠢ ᠦᠭᠡᠶ ᠶᠡᠭᠡ ᠴᠤᠪᠣᠭᠠᠨ ᠤ ᠵᠠᠮ ᠳᠡᠭᠡᠷ᠎ᠡ

ᠮᠥᠩᠭᠡᠵᠢᠨ ᠥᠯᠡᠳᠡᠭ᠍ᠰᠡᠨ ᠭᠦᠮᠤᠨ ᠴᠢᠯᠠᠭᠤ ᠶᠢ ᠭᠡᠯᠡᠨ᠎ᠡ

ᠡᠨᠡ ᠣᠷᠤᠨ ᠤ ᠠᠭᠤᠳᠠᠮ ᠳ᠋ᠤᠨᠢ

ᠡᠭᠡᠯ ᠨᠢᠳᠤ ᠪᠠᠷ ᠪᠠᠯᠴᠢᠭᠡᠭᠦ ᠭᠡᠵᠤ

ᠢᠰᠡᠭᠡᠢ ᠭᠡᠷ ᠤᠨ ᠭᠢᠨᠢ ᠬᠣᠢ᠌ᠮᠤᠷ ᠲᠤ

ᠢᠳᠡᠭᠡ ᠵᠤᠭᠤᠭᠯᠠᠬᠤ ᠭᠡᠵᠤ

ᠡᠷᠳᠡᠨ ᠤ ᠧᠦ᠋ᠷᠦᠫᠡ ᠶᠢᠨ

ᠡᠷᠡᠳᠡᠢ ᠵᠤᠷᠢᠭᠳᠠᠢ ᠵᠢᠭᠤᠯᠴᠢᠳ

ᠡᠯᠡᠰᠤᠨ ᠴᠦᠯ ᠭᠤᠪᠢ ᠪᠠᠷ ᠨᠢ

ᠠᠩᠭ᠋ᠠᠨ ᠴᠠᠩᠭ᠋ᠠᠨ ᠶᠠᠪᠣᠭᠰᠠᠨ ᠮᠦᠷ ᠪᠣᠢ

ᠭᠦᠮᠤᠨ ᠦᠭᠡᠶ ᠶᠤᠮ ᠰᠢᠭ ᠥᠩᠭᠡᠢ᠌ᠭ᠍ᠰᠡᠨ

ᠮᠠᠠᠵᠤ ᠳᠠᠢ᠌ᠴᠢᠩ ᠣᠯᠤᠰ ᠤᠨ

ᠭᠦᠷᠢᠶ᠎ᠡ ᠨᠢ ᠪᠢᠳᠡᠭᠦᠤ ᠭᠢᠯᠢᠩ ᠮᠠᠯᠠᠭᠠᠢ ᠲᠡᠶ ᠳᠤᠯᠤᠭᠠᠢ

ᠭᠦᠯᠦᠭ᠌ ᠮᠤᠷᠢᠳᠠᠨ ᠤ ᠳᠤᠭᠤᠰᠤᠨ ᠳᠤᠮᠳᠠ

ᠭᠢᠯᠢ ᠶᠢᠨ ᠣᠪᠣᠭᠠᠨ ᠤ ᠪᠠᠯ ᠳᠤ

ᠥᠩᠭᠦᠷᠢᠵᠤ ᠣᠨᠠᠭᠰᠠᠨ ᠮᠦᠷ ᠪᠣᠢ

ᠡᠨᠡ ᠴᠢᠨᠢ ᠡᠵᠡᠨ ᠲᠡᠶ

ᠡᠵᠡᠨ ᠨᠢ ᠡᠷ᠎ᠡ ᠴᠢᠳᠠᠯ ᠲᠡᠶ

ᠡᠷᠳᠡᠨ ᠡᠴᠡ ᠪᠠᠨ ᠡᠴᠢᠭᠡ ᠲᠡᠶ᠂ ᠣᠪᠣᠭ ᠲᠡᠶ

ᠬᠠᠳᠠᠨ ᠳᠡᠭᠡᠷ᠎ᠡ ᠪᠠᠨ ᠭᠡᠷᠢᠶᠡᠰ ᠲᠡᠶ

ᠬᠠᠳᠠᠭ ᠳᠡᠭᠡᠷ᠎ᠡ ᠪᠠᠨ ᠢᠷᠦᠭᠡᠯ ᠲᠡᠶ

ᠬᠠᠮᠢᠭ᠎ᠠ ᠴᠤ ᠮᠤᠩᠭ᠋ᠤᠯ ᠨᠠᠷ᠎ᠠ ᠲᠡᠶ

ᠬᠠᠨᠠᠭᠠᠷ ᠡᠭᠡ ᠣᠷᠤᠨ ᠰᠢᠤ᠃

ᠪᠦᠮᠪᠦᠷᠴᠡᠭ᠌ ᠮᠢᠨᠢ ᠴᠢ ᠬᠤᠶᠠᠷ ᠭᠦᠮᠤᠨ ᠳᠤ ᠭᠦᠳᠦᠯᠦᠭᠦᠯᠦᠭ᠍ᠰᠡᠨ

ᠪᠦᠭᠡᠷ᠎ᠡ ᠠᠯᠭᠭ ᠦᠨᠢᠶ᠎ᠡ ᠰᠢᠭ᠌ ᠡᠷᠡᠭᠡᠯᠵᠡᠩᠭᠡᠨ ᠵᠤᠭᠰᠤᠬᠤ ᠳᠠᠭᠠᠨ

ᠪᠦᠭᠦᠭ᠌ ᠳᠦᠷᠭᠡᠨ ᠭᠦᠶ‍ᠦᠳᠡᠯ ᠲᠡᠶ ᠭᠦᠯᠦᠭ᠌ ᠮᠤᠷᠢᠳ ᠶᠢᠡᠨ ᠰᠣᠢ᠌ᠵᠤ

ᠪᠦᠭᠡ ᠮᠡᠷᠭᠡᠳ ᠤᠨ ᠦᠶ᠎ᠡ ᠡᠴᠡ ᠭᠦᠴᠦᠳᠤ ᠢᠯᠳᠤ ᠪᠠᠨ ᠳᠠᠯᠠᠢ᠌ᠭᠰᠠᠨ

ᠪᠦᠭᠦᠰᠢ ᠦᠭᠡᠶ ᠭᠠᠯ ᠤᠨ ᠶᠢᠡᠨ ᠲᠦᠯᠤᠨ ᠳᠤ ᠭᠦᠷᠡᠯ ᠨᠢᠭᠤᠷ ᠨᠢ ᠭᠡᠢ᠌ᠵᠤ

ᠪᠦᠡᠳᠦᠭᠦᠷ ᠳᠤᠯᠤᠭᠠᠢ᠌ᠳᠤ ᠭᠦᠮᠤᠨ ᠤ ᠳᠤᠬᠠᠢ ᠰᠤᠨᠤᠰᠤᠭᠰᠠᠨ ᠦᠦ︖

 

 

ᠠᠬᠤᠢ ᠪᠠᠶᠠᠨ ᠪᠠᠢ᠌ᠭᠠᠯᠢ ᠳᠠᠭᠠᠨ

ᠡᠵᠡᠨ ᠭᠦᠮᠤᠨ ᠰᠢᠭ᠌ ᠰᠡᠯᠡᠭᠦᠴᠡᠵᠤ

ᠠᠭᠠᠷ ᠣᠰᠤᠨ ᠤ ᠳᠤᠩᠭ᠋ᠠᠯᠠᠭ ᠲᠠᠭᠠᠨ

ᠡᠷᠡᠭᠦᠯ ᠴᠢᠭᠢᠷᠠᠭ ᠥᠰᠴᠡᠭᠡᠵᠤ

ᠠᠯᠳᠠᠨ ᠳᠠᠯ᠎ᠠ ᠪᠠᠨ ᠠᠯᠳᠠᠯᠠᠭᠰᠠᠨ

ᠣᠷᠳᠤ ᠶᠢᠨ ᠳᠠᠭᠤᠤ ᠪᠠᠨ ᠵᠤᠬᠢᠶᠠᠵᠤ

ᠠᠶᠤᠯᠳᠤ ᠪᠠᠷᠭᠡ ᠶᠢ ᠳᠠᠯᠳᠠᠯᠠᠭᠰᠠᠨ

ᠣᠷᠢᠳᠤ ᠶᠢᠨ ᠳᠡᠦᠭᠡ ᠪᠠᠨ ᠪᠦᠳᠦᠭᠡᠵᠤ

ᠠᠷᠠᠠᠵᠠᠯ ᠣᠯᠠᠭᠠᠨ ᠭᠠᠯ ᠤᠨ ᠶᠢᠡᠨ

ᠱᠠᠰᠢᠷᠯᠠᠵᠤ ᠪᠣᠢ ᠲᠦᠯᠤ ᠰᠢᠭ᠌

ᠠᠰᠠᠨ ᠳᠦᠷᠡᠯᠵᠡᠭ᠍ᠰᠡᠨ ᠰᠡᠳᠭᠢᠯ ᠲᠡᠶ

ᠨᠡᠭᠦᠳᠡᠯᠴᠢᠨ ᠣᠮᠤᠭ ᠢ ᠳᠤᠭᠤᠯᠤᠭᠰᠠᠨ ᠦᠦ︖

ᠠᠷᠪᠠᠨ ᠪᠠᠷᠢᠶᠠᠨ ᠤ ᠭᠠᠵᠠᠷ ᠡᠴᠡ

ᠣᠷᠤᠯᠳᠤᠬᠤ ᠮᠤᠷᠢᠳ ᠤᠨ ᠳᠤᠭᠤᠷᠠᠢ

ᠠᠯᠳᠠᠨ ᠳᠠᠯᠪᠢᠬᠤ ᠨᠤᠮᠤᠨ ᠤ

ᠣᠨᠤᠭ᠎ᠠ ᠳᠠᠭᠤᠳᠠᠬᠤ ᠴᠤᠤᠷᠠᠢ

ᠠᠭᠠᠷᠤ ᠽᠠᠠᠳᠠᠨ ᠬᠠᠰᠢᠯᠭᠠᠨ ᠡᠴᠡ

ᠨᠢᠰᠠᠯᠠᠬᠤ ᠰᠤᠮᠤᠨ ᠤ ᠣᠤᠬᠠᠢ

ᠠᠰᠠᠷ ᠤᠨ ᠡᠮᠦᠨ᠎ᠡ ᠳᠡᠪᠢᠭᠦ ᠭᠦᠴᠦᠳᠤ

ᠪᠦᠭᠡ ᠶᠢᠨ ᠭᠤᠠᠰᠢᠩ

ᠠᠯᠠᠭ ᠯᠢᠮᠪᠣ ᠲᠡᠶ ᠬᠤᠷᠰᠢᠬᠤ ᠬᠤᠨᠢᠴᠢᠨ

ᠪᠦᠰᠡᠭᠦᠢ ᠶᠢᠨ ᠬᠤᠭᠤᠯᠠᠢ

ᠠᠢ᠌ᠷᠠᠭ ᠤᠨ ᠰᠦᠩ ᠤᠨ ᠳᠡᠷᠭᠡᠳᠡᠭᠢ

ᠬᠤᠧᠨ ᠳᠡᠮᠪᠠᠭᠡ ᠶᠢ ᠰᠤᠨᠤᠰᠤᠭᠰᠠᠨ ᠦᠦ︖

ᠦᠭᠡᠶ ᠪᠢᠵᠠ ᠳ᠋ᠠ ᠪᠦᠮᠪᠦᠷᠴᠡᠭ᠌ ᠮᠢᠨᠢ᠂ ᠪᠦᠮᠪᠦᠷᠴᠡᠭ ᠮᠢᠨᠢ

ᠦᠶ᠎ᠡ ᠴᠠᠭ ᠤᠨ ᠰᠢᠭᠤᠷᠭᠠᠨ ᠳᠤ

ᠴᠠᠴᠠᠷᠠᠨ ᠳᠠᠭᠵᠢᠨ ᠡᠷᠭᠢᠵᠤ

ᠥᠭᠡᠷ ᠫᠣᠤ ᠶᠢᠨ ᠰᠤᠮᠤᠨ ᠳᠤ

ᠴᠢᠭᠢᠨ ᠤ ᠭᠢᠨᠢ ᠭᠡᠩᠭᠡᠷᠭᠡ ᠳᠦᠵᠢᠷᠠᠵᠤ

ᠥᠢᠮᠡᠭᠡᠨ ᠶᠡᠭᠡᠳᠡᠢ ᠧᠦ᠋ᠷᠦᠫᠡ ᠶᠢᠨ

ᠥᠭᠡᠨ ᠳᠤ ᠬᠠᠶᠠ ᠬᠠᠭᠤᠷᠳᠠᠵᠤ

ᠣᠢ᠌ᠯᠠ ᠶᠢᠨ ᠦᠷ᠎ᠡ ᠲᠡᠶ ᠪᠦᠮᠪᠦᠷᠴᠡᠭ᠌ ᠮᠢᠨᠢ

ᠡᠷᠭᠢᠨ ᠭᠦᠷᠪᠠᠨ ᠪᠠᠢ᠌ᠨ᠎ᠠ ᠦᠦ︖

ᠳᠡᠭᠡᠪᠠᠯ ᠮᠤᠩᠭ᠋ᠤᠯ ᠤᠨ ᠳᠤᠬᠠᠢ ᠰᠤᠨᠤᠰ

ᠳᠠᠷᠠ ᠴᠢᠨᠢ ᠡ᠊ᠨᠳᠡ ᠪᠠᠢ᠌ᠨ᠎ᠠ︕

ᠳᠡᠨᠢᠭᠡᠷ ᠳᠠᠯ᠎ᠠ ᠡᠴᠡ ᠪᠠᠨ ᠣᠷᠭᠤᠵᠤ ᠳᠦᠷᠦᠭ᠍ᠰᠡᠨ

ᠳᠡᠨᠡᠭ᠍ᠭᠡᠨ ᠭᠦᠤ ᠨᠢ ᠪᠢ ᠰᠢᠯᠦᠭᠯᠡᠭᠦ ᠭᠡᠵᠤ ᠪᠠᠢ᠌ᠨ᠎ᠠ᠃

ᠠᠷᠠᠤᠨ ᠲᠦᠮᠡᠨ ᠳᠡᠦᠭᠡ ᠬᠤᠶᠠᠷ ᠶᠢᠡᠨ

ᠠᠯᠳᠠᠨ ᠥᠯᠦᠭᠡᠢ ᠨᠤᠳᠤᠭ ᠶᠢᠡᠨ

ᠠᠯᠳᠠᠷᠰᠢᠭᠤᠯᠤᠩᠬᠠᠨ ᠮᠠᠭᠳᠠᠬᠤ ᠭᠡᠵᠤ

ᠠᠯᠠᠭ ᠦᠷ᠎ᠡ ᠨᠢ ᠪᠣᠯᠵᠤ ᠲᠦᠷᠦᠯ᠎ᠠ ᠪᠢ᠃

ᠰᠤᠯᠤᠭᠠᠢ ᠪᠣᠷᠤᠭᠤ ᠥᠭᠡ ᠨᠤᠭᠦᠳ ᠶᠢᠡᠷ

ᠳᠦᠷᠢᠭᠡ ᠪᠠᠷᠢᠳᠠᠭ ᠴᠤᠤᠷᠬᠠᠯ

ᠰᠤᠨᠢᠨ ᠰᠤᠷᠪᠣᠯᠵᠢᠯᠠᠭᠴᠢ ᠪᠦᠭᠦᠨ ᠤ

ᠳᠡᠭᠦᠯᠢᠭᠡᠨ ᠮᠠᠭᠳᠠᠳᠠᠭ ᠥᠭᠡᠰ

ᠰᠤᠬᠤᠷ ᠣᠯᠠᠭᠠᠨ ᠵᠤᠭᠤᠰ ᠨᠢᠭᠡ ᠴᠤ ᠦᠨ᠎ᠡ ᠦᠭᠡᠶ ᠪᠠᠢ᠌ᠬᠤ ᠳᠤ ᠪᠢᠳᠠ

ᠰᠤᠤᠳᠤᠨ ᠴᠢᠭᠢᠳᠤ ᠮᠤᠷᠢ ᠪᠠᠷ ᠶᠢᠡᠨ

ᠳᠠᠯᠠᠢ ᠳᠠᠩᠭᠢᠰ ᠢ ᠬᠠᠷᠠᠢ᠌ᠵᠤ

ᠰᠤᠶᠤᠮᠪᠣ ᠥᠰᠦᠭ᠌ ᠲᠡᠶ ᠳᠤᠭ ᠶᠢᠠᠷ ᠶᠢᠠᠨ

ᠳᠠᠶᠠᠩ ᠳᠡᠯᠡᠭᠡᠢ ᠶᠢ ᠰᠡᠷᠭᠦᠭᠡᠵᠤ

ᠰᠤᠩᠭᠢᠨ᠎ᠠ ᠶᠢᠨ ᠰᠤᠶᠤᠭ᠎ᠠ ᠭᠡᠯᠪᠠᠷᠢᠳᠤ ᠡᠪᠠᠷ ᠨᠤᠮᠤ ᠪᠠᠷ ᠶᠢᠡᠨ ᠭᠠᠢ᠌ᠬᠠᠭᠤᠯᠤᠭᠰᠠᠨ ᠶᠤᠮ᠃

ᠬᠤᠵᠢᠮ ᠳᠠᠷᠠ ᠨᠤᠮᠤ ᠶᠢᠨ

ᠭᠦᠪᠴᠢ ᠭᠦᠴᠤ ᠶᠢ ᠭᠡᠮᠵᠢᠵᠤ

ᠬᠤᠯᠠ ᠶᠢᠨ ᠬᠤᠯᠠ ᠳᠤ ᠳᠤᠰᠬᠤ ᠨᠤᠮᠤ ᠶᠤ ᠶᠢ ᠨᠢ ᠡᠷᠴᠢᠯᠡᠭ᠍ᠰᠡᠨ

ᠬᠣᠢ᠌ᠳᠤ ᠣᠷᠤᠨ ᠤ ᠮᠡᠷᠭᠡᠨ ᠴᠠᠯ ᠪᠣᠭᠤᠷᠤᠯ ᠴᠢᠶᠤᠯᠺᠦᠸᠢᠺᠢ

ᠬᠤᠷᠢᠨ ᠭᠡᠳᠤᠨ ᠵᠢᠯ ᠤᠨ ᠰᠤᠤᠳᠤ ᠰᠤᠷᠭᠠᠯ ᠶᠢᠡᠨ ᠥᠯᠡᠳᠡᠭᠡᠵᠤ

ᠬᠤᠯᠪᠣᠭᠠᠳᠤ ᠣᠷᠤᠰ ᠣᠯᠤᠰ ᠳᠡᠭᠦᠨ ᠤ ᠭᠡᠷᠢᠶᠡᠰ ᠢ ᠪᠠᠶᠡᠯᠡᠭᠦᠯᠡᠵᠤ

ᠬᠤᠳᠠᠯᠠ ᠳᠡᠯᠡᠭᠡᠢ ᠳᠠᠶᠠᠭᠠᠷ ᠭᠠᠭᠠᠷᠢᠨ ᠭᠦᠤ ᠪᠠᠨ ᠮᠠᠠᠳᠤᠭᠤᠯᠤᠭᠰᠠᠨ ᠶᠤᠮ᠃

ᠮᠤᠩᠭ᠋ᠤᠯ ᠭᠡᠵᠤ

ᠪᠠᠢ᠌ᠭᠰᠠᠨ ᠴᠤ ᠶᠤᠮ ᠦᠦ

ᠪᠠᠢ᠌ᠭ᠎ᠠ ᠴᠤ ᠶᠤᠮ ᠦᠦ

ᠪᠠᠢ᠌ᠬᠤ ᠴᠤ ᠶᠤᠮ ᠦᠦ ᠭᠡᠵᠤ ᠪᠠᠷᠠᠭᠤᠨ ᠤ ᠭᠢᠨ ᠶᠠᠷᠢᠳᠠᠭ᠃

ᠳᠡᠭᠡᠪᠠᠯ ᠳᠠᠷᠠ ᠮᠤᠩᠭ᠋ᠤᠯ ᠭᠡᠳᠡᠭ᠌ ᠴᠢᠨᠢ

ᠪᠠᠢ᠌ᠭᠰᠠᠨ ᠴᠤ ᠶᠤᠮ᠂ ᠪᠠᠢ᠌ᠭ᠎ᠠ ᠴᠤ ᠶᠤᠮ

ᠪᠠᠢ᠌ᠬᠤ ᠴᠤ ᠶᠤᠮ ᠭᠡᠵᠤ ᠪᠠᠢ᠌ᠭᠤᠯᠤᠭᠰᠠᠨ ᠶᠤᠮ

ᠪᠠᠬᠠᠷᠬᠠᠬᠤ ᠭᠡᠵᠤ ᠪᠠᠳᠠᠷᠠᠭᠤᠯᠤᠭᠰᠠᠨ ᠶᠤᠮ᠃

ᠪᠠᠢ᠌ᠬᠤ ᠪᠠᠢ᠌ᠬᠤ ᠳᠠᠭᠠᠨ ᠪᠠᠷᠤᠭ ᠤᠨ ᠳᠠ ᠨᠡᠷ ᠪᠢᠰᠢ

ᠪᠠᠭᠠᠳᠤᠷ ᠤᠳ ᠪᠠᠢ᠌ᠭᠰᠠᠨ ᠶᠤᠮ

ᠪᠠᠭᠠᠳᠤᠷ ᠤᠳ ᠢ ᠳᠠᠨᠠᠷ ᠮᠡᠳᠡᠭᠦ ᠦᠦ︖

ᠨᠠᠷᠠ ᠰᠠᠯᠭᠢᠨ ᠳᠤ ᠭᠠᠩᠳᠠᠭᠰᠠᠨ ᠨᠡᠭᠦᠳᠡᠯᠴᠢᠨ

ᠠᠢ᠌ᠮᠠᠭ ᠤᠨ ᠴᠤᠪᠣᠭᠠᠨ ᠡᠴᠡ

ᠨᠠᠰᠤᠨ ᠵᠠᠯᠠᠭᠤ ᠪᠠᠭᠠᠳᠤᠷ

ᠮᠤᠳᠤᠨ ᠳᠦᠩᠭᠡ ᠲᠡᠶ ᠳᠤᠷᠨᠢᠵᠤ

ᠨᠠᠪᠴᠢᠨ ᠭᠡᠯᠪᠠᠷᠢᠳᠤ ᠰᠤᠮᠤ ᠪᠠᠨ ᠶᠢᠡᠨ

ᠦᠷᠤᠨ᠎ᠠ ᠳᠤᠷᠤᠨ᠎ᠠ ᠶᠢ ᠵᠢᠭᠠᠵᠤ

ᠨᠠᠩᠭᠢᠶᠠᠤᠨ ᠭᠠᠵᠠᠷ ᠤᠨ ᠭᠡᠷᠡᠮ ᠢ

ᠦᠳᠦᠳᠠᠢ ᠶᠤᠮ ᠰᠢᠭ ᠳᠠᠪᠢᠵᠤ

ᠨᠢ᠋ᠮᠠᠨ ᠲᠦᠮᠡᠨ ᠰᠡᠯᠢᠭᠦᠷᠢᠳᠤ

ᠭᠦᠯᠭᠡ ᠣᠩᠭ᠋ᠤᠴᠠ ᠪᠠᠨ ᠳᠠᠷᠬᠠᠯᠠᠵᠤ

ᠨᠠᠷᠠᠨ ᠣᠯᠤᠰ ᠤᠨ ᠡᠷᠭᠢ ᠣᠷᠤᠭᠤ

ᠰᠠᠯᠢᠵᠤ ᠶᠠᠪᠣᠭᠰᠠᠨ ᠳᠡᠦᠭᠡᠳᠡᠢ᠃

ᠠᠯᠳᠠᠨ ᠰᠢᠷᠠᠮᠠᠯ ᠳᠤᠨᠤᠭ ᠲᠡᠶ

ᠽᠠᠠᠳᠠᠨ ᠰᠠᠭᠤᠳᠠᠯ ᠳᠤ ᠨᠠᠯᠠᠢ᠌ᠵᠤ

ᠠᠷᠪᠠᠨ ᠴᠠᠭᠠᠨ ᠬᠤᠷᠤᠭᠤᠨ ᠳᠠᠭᠠᠨ

ᠸᠴᠢᠷ ᠠᠯᠮᠠᠰ ᠭᠢᠯᠠᠯᠵᠠᠭᠤᠯᠤᠨ

ᠠᠷᠠᠪ ᠱᠨ ᠶᠢᠨ ᠡᠮᠦᠨ᠎ᠡ

ᠳᠡᠯᠡᠭᠡᠢ ᠶᠢᠨ ᠪᠦᠰᠡᠯᠡᠭᠦᠷ ᠪᠦᠭᠦᠯᠵᠡᠵᠤ ᠪᠠᠢ᠌ᠬᠤ ᠳᠤ

ᠠᠷᠠᠰᠤᠨ ᠴᠠᠮᠴᠠᠨ ᠳᠡᠭᠡᠷ᠎ᠡ ᠪᠣᠯᠠᠭᠠᠨ ᠳᠠᠪᠠᠯ ᠪᠦᠭ᠍ᠳᠦᠷᠡᠭ᠍ᠰᠡᠨ

ᠠᠷᠭᠢᠯ ᠪᠠᠳᠠᠷᠠᠭᠤᠨ ᠭᠠᠷ ᠲᠠᠭᠠᠨ ᠢᠯᠳᠤ ᠶᠢᠨ ᠪᠠᠷᠢᠭᠤᠯ ᠠᠳᠬᠤᠭᠰᠠᠨ

ᠠᠩᠴᠢᠨ ᠮᠠᠯᠴᠢᠨ ᠤ ᠪᠠᠭᠠᠳᠤᠷ ᠭᠦᠤ

ᠠᠷᠴᠢᠭᠠᠤᠨ ᠥᠩᠭᠡᠷᠡᠭ᠍ᠰᠡᠨ ᠳᠡᠦᠭᠡ ᠲᠡᠶ᠃

ᠨᠢ᠋ᠮᠠᠨ ᠵᠠᠭᠤᠨ ᠤ ᠳᠡᠷᠳᠡᠭᠡ

ᠨᠠᠷᠢᠨ ᠰᠢᠷᠢᠨ ᠭᠦᠯᠢᠮᠡᠨ ᠳᠡᠭᠡᠷ᠎ᠡ ᠭᠠᠩ ᠳᠦᠷᠦᠭᠡ ᠵᠢᠭᠡᠵᠤ

ᠨᠠᠮᠬᠠᠨ ᠴᠢᠭᠢᠷᠠᠭ ᠮᠤᠷᠢᠨ ᠤ ᠪᠠᠨ ᠬᠤᠷ ᠳᠠᠯ ᠳᠡᠭᠡᠷ᠎ᠡ ᠪᠦᠭᠦᠢᠵᠤ

ᠨᠠᠷᠠᠨ ᠰᠢᠩᠭᠡᠭᠦ ᠵᠥᠭ᠌ ᠲᠤ

ᠰᠤᠷᠤᠨ ᠪᠣᠭᠣᠢ᠌ᠯᠢ ᠰᠢᠳᠠᠵᠤ

ᠨᠠᠮᠳᠠᠷ ᠳᠡᠦᠭᠡ ᠲᠡᠶ ᠫᠠᠷᠢᠰ ᠤᠨ

ᠠᠯᠳᠠᠨ ᠴᠠᠮᠬᠠᠭ ᠢ ᠣᠷᠭᠠᠯᠠᠵᠤ

ᠨᠠᠭᠠᠰᠢ ᠴᠠᠭᠠᠰᠢ ᠭᠠᠩᠬᠤᠭᠤᠯᠤᠨ ᠳᠠᠳᠠᠵᠤ ᠶᠠᠪᠣᠭᠰᠠᠨ ᠳᠡᠦᠭᠡ ᠲᠡᠶ

ᠵᠠᠰᠠᠭ ᠤᠨ ᠰᠦᠷ ᠭᠡᠳᠡᠭ᠌ ᠢ ᠧᠦ᠋ᠷᠦᠫᠡ ᠳᠡᠭᠡᠵᠤ ᠣᠢ᠌ᠯᠭᠠᠭᠰᠠᠨ ᠶᠤᠮ

ᠵᠠᠷᠯᠢᠭ ᠳᠤᠰᠢᠶᠠᠯ ᠬᠤᠶᠠᠷ ᠢ ᠧᠥ᠋ᠷᠦᠫᠡ ᠳᠡᠭᠡᠵᠤ ᠣᠬᠠᠭᠠᠷᠠᠭᠰᠠᠨ ᠶᠤᠮ᠃

ᠵᠢᠭᠠᠰᠤ ᠶᠡᠭᠡᠳᠡᠢ ᠭᠡᠷᠦᠯᠤᠨ ᠤ ᠵᠠᠮᠤᠭ ᠲᠤ ᠬᠠᠳᠠᠭᠠᠭᠰᠠᠨ ᠰᠠᠯᠠᠮ᠎ᠠ

ᠵᠠᠷᠠᠭᠫ ᠬᠤᠳᠠ ᠶᠢᠨ ᠢᠯᠳᠤ ᠶᠢ ᠬᠤᠭᠤ ᠴᠠᠪᠴᠢᠵᠤ ᠥᠵᠡᠭ᠍ᠰᠡᠨ ᠶᠤᠮ᠃

ᠵᠠᠯᠠᠭᠤ ᠪᠠᠭᠠᠳᠤᠷ ᠳᠠᠮᠤᠵᠢᠨ ᠤ ᠰᠠᠨᠠᠭᠰᠠᠨ ᠰᠠᠨᠠᠭ᠎ᠠ ᠳᠡᠭᠡᠵᠤ

ᠽᠡᠮᠪᠦᠯᠢᠭ᠌ ᠤᠨ ᠡᠯᠢᠭᠡᠨ ᠳᠡᠭᠡᠷ᠎ᠡ

ᠭᠦᠮᠤᠨ ᠴᠢᠯᠠᠭᠤ ᠪᠣᠯᠤᠨ ᠥᠯᠡᠳᠡᠭ᠍ᠰᠡᠨ ᠶᠤᠮ᠃

ᠮᠤᠩᠭ᠋ᠤᠯ ᠢᠩᠭᠢᠵᠤ ᠮᠤᠷᠢ ᠲᠡᠶ ᠪᠠᠨ

ᠭᠦᠮᠤᠨ ᠲᠡᠶ ᠪᠠᠨ ᠭᠦᠰᠢᠶ᠎ᠡ ᠲᠡᠶ ᠪᠠᠨ

ᠬᠠᠯᠳᠠᠰᠢ ᠦᠭᠡᠶ ᠡᠷᠭᠡ ᠲᠡᠶ ᠪᠠᠨ ᠭᠦᠳᠡᠯᠦᠰᠢ ᠦᠭᠡᠶ ᠵᠤᠷᠢᠭ ᠲᠡᠶ ᠪᠠᠨ

ᠭᠦᠪᠴᠢᠨ ᠳᠡᠯᠡᠭᠡᠢ ᠳᠤ ᠭᠦᠯ ᠳᠡᠭᠡᠷ᠎ᠡ ᠪᠠᠨ ᠪᠠᠳᠤ ᠵᠤᠭᠰᠤᠵᠤ ᠥᠯᠡᠳᠡᠭ᠍ᠰᠡᠨ ᠶᠤᠮ᠃

ᠣᠪ ᠲᠡᠶ ᠮᠠᠠᠵᠤ ᠰᠢᠭ︖ᠦᠬᠢᠳ ᠶᠢᠡᠨ ᠬᠤᠳᠠᠯᠳᠤᠵᠤ

ᠣᠷᠤᠰ ᠣᠷᠤᠨ ᠰᠢᠭ ᠨᠠᠢ᠌ᠰᠯᠠᠯ ᠶᠢᠡᠨ ᠭᠠᠯᠳᠠᠭᠤᠯᠵᠤ

ᠳᠡᠷᠳᠡᠭᠡ ᠠᠮᠸᠷᠢᠺᠠ ᠰᠢᠭ ᠳᠡᠨᠡᠭ᠌ ᠤᠳ ᠢ ᠳᠤᠷᠭᠢᠷᠠᠵᠤ

ᠳᠠᠰᠤᠷᠠᠳᠠᠯ᠎ᠠ ᠪᠠᠨ ᠳᠠᠷᠭᠤᠯᠠᠵᠤ ᠥᠵᠡᠭᠡ ᠦᠭᠡᠶ ᠪᠢᠳᠠ

ᠣᠳᠤᠭᠠᠨ ᠳᠤᠮᠳᠠ ᠴᠤ ᠮᠤᠷᠢ ᠲᠡᠶ ᠪᠠᠨ

ᠣᠰᠤᠨ ᠳᠤᠳᠤᠷ᠎ᠠ ᠴᠤ ᠬᠤᠪᠴᠠᠰᠤ ᠲᠡᠶ ᠪᠠᠨ

ᠣᠤᠭᠤᠵᠤ ᠢᠳᠡᠭᠦ ᠳᠡᠭᠡᠨ ᠴᠤ ᠰᠠᠯᠠᠮ᠎ᠠ ᠲᠡᠶ ᠪᠠᠨ

ᠣᠠᠳᠠᠬᠤ ᠨᠣᠢ᠌ᠷᠤᠨ ᠳᠠᠭᠠᠨ ᠴᠤ ᠬᠤᠶᠠᠭ ᠲᠡᠶ ᠪᠠᠨ ᠪᠠᠢ᠌ᠵᠤ

ᠦᠪᠡᠷ ᠤᠨ ᠡᠷᠭᠡ ᠶᠢ ᠦᠪᠡᠷᠰᠠᠤᠨ ᠶᠢᠡᠨ

ᠦᠳᠦᠳᠠᠢ ᠰᠤᠮᠤ ᠪᠠᠷ ᠶᠢᠡᠨ ᠬᠠᠷᠪᠣᠵᠤ ᠣᠯᠤᠭᠰᠠᠨ ᠶᠤᠮ

ᠦᠪᠡᠷ ᠤᠨ ᠭᠦᠷᠤᠨ ᠢ ᠦᠪᠡᠷᠰᠠᠤᠨ ᠶᠢᠡᠨ ᠡᠳᠦᠷ ᠰᠦᠨᠢ ᠦᠭᠡᠶ ᠬᠠᠢ᠌ᠷᠠᠯᠠᠩᠬᠠᠨ ᠰᠠᠭᠢᠭᠰᠠᠨ ᠶᠤᠮ᠃

ᠡᠨᠡ ᠭᠦᠷᠤᠨ ᠤ ᠦᠯᠠᠳᠠᠴᠠ ᠳᠡᠭᠡᠷ᠎ᠡ

ᠡᠷᠭᠡ ᠴᠢᠯᠦᠭᠡᠨ ᠤ ᠳᠠᠭᠤᠤ ᠢᠰᠭᠡᠷᠡᠴᠤ

ᠡᠭᠢ ᠵᠠᠬ᠎ᠠ ᠦᠭᠡᠶ ᠣᠯᠠᠨ

ᠡᠩᠭᠦᠷᠡᠢ ᠬᠡᠦᠬᠡᠳ ᠳᠤᠩᠭ᠋ᠤᠴᠠᠵᠤ ᠪᠠᠢ᠌ᠨ᠎ᠠ

ᠴᠠᠭᠠᠨ ᠪᠠᠷᠢᠯᠭ᠎ᠠ ᠣᠯᠠᠭᠠᠨ ᠳᠤᠭ

ᠴᠠᠷᠳᠠᠮᠠᠯ ᠵᠠᠮ ᠭᠦᠦᠷ ᠴᠠᠮᠬᠠᠭ

ᠴᠠᠭᠢᠯᠭᠠᠨ ᠨᠡᠭᠦᠷᠡᠰᠤ᠂ ᠳᠠᠷᠢᠶ᠎ᠠ ᠪᠣᠳᠠᠭ᠎ᠠ

ᠴᠠᠭᠠᠰᠤ ᠬᠠᠷᠠᠠᠳᠠ ᠪᠣᠤ ᠴᠤᠭᠤᠷ

ᠠᠦ᠋ᠲ᠋ᠤᠹᠤᠰ ᠳᠡᠺᠰᠢ ᠣᠩᠭ᠋ᠤᠴᠠ ᠭᠡᠭᠦ ᠰᠢᠭ᠌

ᠷᠠᠳᠢᠤ᠋ ᠳᠸᠯᠧᠫᠣᠨ (ᠳ᠋ᠢᠶᠠᠩᠬᠤᠧᠨ) ᠺᠢᠨᠤ᠋ ᠭᠡᠭᠦ ᠰᠢᠭ᠌

ᠠᠳᠠᠭ ᠤᠨ ᠨᠠᠭᠠᠳᠤ ᠵᠠᠬ᠎ᠠ ᠨᠢ ᠣᠷᠤᠭᠤᠯ ᠤᠨ ᠪᠣᠳᠤᠭ

ᠠᠯᠠᠭ ᠴᠠᠮᠴᠠ ᠨᠠᠷᠢᠨ ᠦᠮᠦᠳᠦ ᠪᠠᠷ ᠭᠤᠶᠤᠪᠠᠴᠤ

ᠮᠤᠩᠭ᠋ᠤᠯ ᠭᠡᠷ ᠲᠤ ᠳᠦᠷᠦᠭ᠍ᠰᠡᠨ ᠢᠷᠠᠭᠤ ᠨᠠᠢ᠌ᠷᠠᠭᠴᠢ

ᠮᠤᠷᠢᠨ ᠬᠤᠭᠤᠷ ᠤᠨ ᠶᠢᠡᠨ ᠠᠶᠠᠯᠭᠤᠬᠠᠨ ᠳᠦᠪᠠᠷᠭᠡᠨ

ᠡᠭᠡ ᠳᠡᠦᠭᠡ ᠶᠢᠨ ᠨᠠᠷ᠎ᠠ ᠶᠢ ᠳᠠᠭᠤᠷᠢᠰᠬᠠᠬᠤ

ᠡᠷᠭᠡ ᠮᠠᠳᠠᠯ ᠦᠭᠡᠶ ᠢᠨᠢᠶᠠᠵᠤ ᠪᠠᠢ᠌ᠨ᠎ᠠ᠃

ᠣᠷᠤᠰ ᠣᠷᠤᠨ ᠫᠧᠲ᠋ᠷ ᠬᠠᠭᠠᠨ ᠢ

ᠣᠮᠤᠭᠤᠷᠬᠠᠨ ᠮᠠᠭᠳᠠᠵᠤ ᠪᠠᠢ᠌ᠨ᠎ᠠ

ᠮᠤᠰᠺᠧᠨ ᠶᠢ ᠰᠢᠳᠠᠭᠠᠭᠰᠠᠨ ᠨᠠᠫᠣᠯᠢᠶᠤᠨ ᠤ ᠮᠥᠩᠭᠡ ᠶᠢᠨ ᠠᠯᠳᠠᠷ ᠢ ᠳᠠᠭᠤᠯᠠᠵᠤ ᠪᠠᠢ᠌ᠨ᠎ᠠ᠃

ᠳᠡᠯᠡᠭᠡᠢ ᠳ᠋ᠠᠭᠢᠨ ᠶᠢᠡᠷ ᠶᠢᠡᠨ

ᠳᠡᠭᠡᠳᠦᠰ ᠤᠨ ᠰᠤᠶᠤᠯ ᠢ ᠦᠨᠦᠳᠤᠷ ᠣᠰᠠᠳᠬᠠᠭᠰᠠᠨ

ᠳᠡᠭᠡᠷᠡᠮᠴᠢᠨ ᠢᠰᠫᠠᠨᠢ ᠶᠢᠨ ᠥᠯᠡᠳᠡᠭ᠍ᠳᠡᠯ

ᠺᠤᠪᠡ ᠶᠢ ᠦᠨᠦᠳᠤᠷ ᠮᠠᠠᠳᠤᠭᠤᠯᠠᠵᠤ ᠪᠠᠢ᠌ᠨ᠎ᠠ

ᠠᠯᠫᠠ ᠶᠢ ᠳᠠᠪᠠᠵᠤ ᠧᠦ᠋ᠷᠦᠫᠡ ᠣᠷᠤᠭᠤ

ᠠᠲ᠋ᠠᠺᠠᠯᠠᠵᠤ (ᠳᠦᠷᠢᠮᠭᠡᠢ᠌ᠯᠡᠵᠤ) ᠪᠠᠢ᠌ᠭᠰᠠᠨ ᠰᠦᠸᠦᠷᠦᠧ ᠢ

ᠠᠯᠳᠠᠨ ᠳᠡᠦᠭᠡ ᠶᠢᠨ ᠬᠠᠭᠤᠳᠠᠰᠤᠨ ᠪᠢᠴᠢᠵᠤ ᠪᠠᠢ᠌ᠨ᠎ᠠ

ᠳᠡᠭᠡᠪᠠᠯ ᠪᠢᠳᠠ ᠶᠠᠭᠠᠭᠢᠭᠠᠤᠨ

ᠳᠠᠮᠤᠵᠢᠨ ᠢ ᠳᠤᠷᠠᠰᠬᠠᠬᠤ ᠪᠠᠢ᠌ᠳᠤᠭᠠᠢ

ᠡᠴᠦᠰ ᠤᠨ ᠡᠴᠦᠰ ᠲᠤ ᠭᠦᠯᠦᠭ᠌ ᠮᠤᠷᠢ ᠪᠠᠨ ᠴᠤ

ᠡᠩᠭᠦᠷᠡᠢ᠌ᠯᠡᠨ ᠳᠠᠭᠤᠯᠠᠵᠤ ᠪᠣᠯᠬᠤ ᠦᠭᠡᠶ ᠪᠣᠯᠪᠠ ᠦᠦ

ᠳᠡᠯᠡᠭᠡᠢ ᠳ᠋ᠠᠭᠢᠨ ᠤ ᠳᠡᠦᠭᠡᠨ ᠳᠤ

ᠲᠦᠷᠦ ᠶᠢᠨ ᠨᠢᠷᠤᠭᠤ ᠪᠣᠰᠬᠠᠭᠰᠠᠨ

ᠳᠢᠭ᠍ᠯᠢᠮ ᠰᠠᠢ᠌ᠳᠠᠢ ᠴᠡᠷᠢᠭ᠌ ᠤᠨ

ᠳᠠᠮᠤᠷ ᠭᠦᠷᠢᠶ᠎ᠡ ᠡᠭᠦᠰᠭᠡᠭ᠍ᠰᠡᠨ

ᠳᠡᠷᠢᠭᠦᠨ ᠵᠠᠩᠵᠤᠨ ᠴᠢᠩᠭᠢᠰ ᠤᠨ

ᠲᠦᠷᠦᠵᠤ ᠥᠰᠦᠭ᠍ᠰᠡᠨ ᠭᠠᠵᠠᠷ

ᠳᠠᠮᠤᠵᠢᠨ ᠬᠠᠰᠠᠷ ᠬᠤᠶᠠᠷ ᠤᠨ

ᠳᠤᠭᠯᠠᠵᠤ ᠥᠰᠦᠭ᠍ᠰᠡᠨ ᠨᠤᠳᠤᠭ

《ᠳᠡᠯᠢᠭᠦᠨ ᠪᠣᠯᠳᠤᠭ》 ᠢ ᠣᠷᠢᠶᠠᠭᠰᠠᠨ

ᠣᠨᠤᠨ ᠤ ᠣᠰᠤ ᠰᠢᠷᠭᠢᠭᠡ ᠦᠭᠡᠶ ᠪᠠᠢ᠌ᠨ᠎ᠠ

ᠳᠡᠭᠡᠳᠦᠰ ᠣᠪᠣᠭ ᠶᠢᠡᠨ ᠣᠷᠤᠯᠠᠭᠰᠠᠨ

ᠣᠪᠣᠭ ᠦᠨᠳᠦᠰᠦ ᠨᠢ ᠣᠰᠠᠳᠤᠭ᠎ᠠ ᠦᠭᠡᠶ ᠪᠠᠢ᠌ᠨ᠎ᠠ

ᠦᠷ᠎ᠡ ᠨᠢ ᠪᠣᠯᠤᠭᠰᠠᠨ ᠪᠢ

ᠣᠷᠤᠭ ᠰᠠᠢ᠌ᠬᠠᠨ ᠮᠤᠩᠭ᠋ᠤᠯ ᠨᠤᠳᠤᠭ ᠤᠨ ᠶᠢᠡᠨ

ᠠᠯᠳᠠᠷ ᠳᠡᠦᠭᠡ ᠬᠤᠶᠠᠷ ᠢ

ᠠᠭᠤᠷ ᠪᠠᠬᠠᠷᠤᠯ ᠬᠤᠶᠠᠷ ᠶᠢᠡᠷ ᠶᠢᠡᠨ

ᠭᠦᠯᠴᠡᠭᠦᠷᠡᠩᠭᠡᠨ ᠳᠠᠭᠤᠯᠠᠨᠠᠮ

ᠣᠯᠠᠭᠠᠨ ᠪᠦᠰᠡᠯᠡᠭᠦᠷᠳᠤ ᠮᠠᠯᠠᠭᠠᠢ᠌ᠳᠠᠢ

ᠴᠠᠭᠳᠠᠭ᠎ᠠ ᠨᠡᠷ ᠤᠨ ᠳᠤᠮᠳᠠ ᠡᠴᠡ

ᠣᠳᠤᠮ ᠬᠣᠢ᠌ᠴᠢ ᠶᠢᠨ ᠭᠦᠤ ᠳᠡᠭᠡᠨ

ᠮᠤᠩᠭ᠋ᠤᠯ ᠰᠡᠳᠭᠢᠯ ᠶᠢᠡᠨ ᠥᠯᠡᠳᠡᠭᠡᠭᠦ ᠭᠡᠵᠤ

ᠠᠭᠤᠰᠭᠢᠨ ᠤ ᠭᠤᠷᠪᠠᠨ ᠰᠤᠳᠠᠰᠤ ᠪᠠᠨ

ᠳᠠᠰᠤᠷᠠᠳᠠᠯ᠎ᠠ ᠳᠠᠭᠤᠯᠠᠨ᠎ᠠ ᠪᠢ᠃

ᠮᠠᠭᠳᠠᠨ ᠳᠠᠭᠤᠯᠠᠵᠤ ᠪᠠᠢ᠌ᠭ᠎ᠠ ᠮᠢᠨᠤ ᠰᠠᠢ᠌ᠬᠠᠨ ᠮᠤᠩᠭ᠋ᠤᠯ

ᠮᠠᠠᠳᠤᠳᠤᠭᠠᠢ ᠪᠠᠷ ᠳᠦᠭᠦᠷᠡᠭ᠍ᠰᠡᠨ

ᠣᠯᠠᠭᠠᠨ ᠯᠤᠽᠦᠩ ᠳᠡᠭᠡᠷ᠎ᠡ ᠪᠠᠢ᠌ᠬᠤ ᠦᠭᠡᠶ

ᠮᠠᠰᠢᠨ ᠳᠡᠷᠭᠡ ᠭᠦᠯᠭᠦᠭ᠍ᠰᠡᠨ

ᠵᠠᠰᠠᠮᠠᠯ ᠵᠠᠮ ᠳᠡᠭᠡᠷ᠎ᠡ ᠪᠠᠢ᠌ᠬᠤ ᠦᠭᠡᠶ

ᠮᠠᠶ‍ᠢᠭ ᠶᠡᠭᠡᠳᠡᠢ ᠬᠤᠪᠴᠠᠰᠤᠨ ᠳᠤ ᠡᠷᠭᠢᠭᠦ

ᠪᠣᠳᠤᠮᠠᠯ ᠳᠤᠯᠤᠭᠠᠢ ᠳᠤ ᠪᠠᠢ᠌ᠬᠤ ᠦᠭᠡᠶ

ᠮᠠᠷᠱ ᠭᠤᠤᠯᠳᠠᠭᠤ ᠭᠦᠭ᠍ᠵᠢᠮ ᠳᠤ ᠡᠷᠭᠢᠯᠳᠦᠭᠦ

ᠪᠣᠯᠪᠠᠷᠠᠢ ᠭᠦᠯ ᠳᠤ ᠴᠤ ᠪᠠᠢ᠌ᠬᠤ ᠦᠭᠡᠶ

ᠦᠨᠡᠨ ᠬᠠᠢ᠌ᠷ᠎ᠠ ᠪᠠᠨ ᠦᠭ‍ᠭᠦᠭ᠍ᠰᠡᠨ ᠮᠢᠨᠤ ᠰᠠᠢ᠌ᠬᠠᠨ ᠮᠤᠩᠭ᠋ᠤᠯ

ᠦᠳᠡ ᠶᠢᠨ ᠨᠠᠷᠠᠨ ᠳᠤ ᠳᠤᠨᠢᠶᠠᠷᠬᠠᠬᠤ

ᠬᠠᠯᠬ᠎ᠠ ᠶᠢᠨ ᠳᠠᠯ᠎ᠠ ᠳᠤ ᠪᠣᠢ

ᠥᠯᠢᠶᠡᠭᠦ ᠰᠠᠯᠭᠢᠨ ᠳᠤ ᠰᠡᠷᠪᠠᠯᠵᠡᠭᠦ

ᠡᠷᠦᠭᠡᠨ ᠤ ᠣᠭᠤᠰᠤᠷ ᠲᠤ ᠪᠣᠢ

ᠦᠣᠷ ᠤᠨ ᠭᠢᠷᠠᠭᠠᠨ ᠳᠤ ᠰᠤᠨᠤᠯᠵᠠᠬᠤ

ᠣᠷᠭ᠎ᠠ ᠶᠢᠨ ᠥᠵᠦᠭᠦᠷ ᠲᠤ ᠪᠣᠢ᠃

 

 

ᠰᠢᠠᠵᠢᠶᠠᠩ ᠤᠨ ᠪᠠᠶᠠᠠᠭᠤᠯ ᠵᠸᠤ ᠶᠢᠨ ᠰᠠᠠᠫᠠᠢ ᠨᠥᠭᠦᠷ ᠺᠤᠮᠫᠢᠦ᠋ᠲ᠋ᠧᠷ ᠲᠤ ᠪᠢᠴᠢᠭᠯᠡᠪᠡ᠃

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ