ᠤᠷᠴᠢᠯᠠᠩ ᠤᠨ ᠳᠤᠲᠠᠭᠤ

ᠳᠠᠭᠤᠴᠢᠨ᠄ ᠱ·ᠭᠦᠷᠪᠠᠽᠠᠷ
ᠦᠭᠡ᠄ ᠱ·ᠭᠦᠷᠪᠠᠽᠠᠷ
ᠴᠤᠮᠤᠭ ᠤᠨ ᠬᠠᠷᠢᠶ᠎ᠠ᠄ ᠦᠵᠦᠭ ᠤᠨ ᠴᠢᠮᠡᠭᠡ
ᠤᠷᠠᠯᠢᠭ ᠤᠨ ᠬᠤᠪᠢᠶᠠᠷᠢ᠄ ᠲᠤᠳᠤ ᠤᠩᠰᠢᠯᠭ᠎ᠠ
ᠢᠷᠡᠯᠲᠡ᠄ ᠦᠭᠡᠯᠡᠳ ᠭᠠᠯᠳᠠᠨ ᠬᠠᠩᠭᠠᠪᠠ
ᠳᠠᠷᠤᠮ᠄ 15110
ᠴᠠᠭ᠄ 2008 ᠤᠨ ᠤ 04 ᠰᠠᠷ᠎ᠠ ᠶᠢᠨ 09
ᠨᠠᠢ᠌ᠷᠠᠭᠤᠯᠤᠭᠴᠢ᠄ burgud

ᠣᠷᠴᠢᠯᠠᠩ ᠤᠨ ᠳᠤᠳᠠᠭᠤ ᠭᠡᠳᠡᠭ᠌

ᠭᠠᠭᠴᠠᠬᠠᠨ ᠶᠠᠭᠤᠮ᠎ᠠ ᠳᠤ ᠯᠠ ᠪᠠᠢ᠌ᠬᠤ ᠶᠤᠮ ᠳ᠋ᠠ

ᠠᠪᠣ ᠳᠠᠭᠠᠨ ᠪᠢ ᠡᠷᠭᠡᠯᠡᠳᠡᠭ᠌ ᠪᠠᠢ᠌ᠭᠰᠠᠨ

ᠠᠪᠣ ᠳᠠᠭᠠᠨ ᠪᠢ ᠡᠷᠭᠡᠯᠡᠭᠦ ᠳᠡᠭᠡᠨ

ᠠᠯᠳᠠᠨ ᠭᠠᠳᠠᠰᠤ ᠶᠢᠨ ᠣᠳᠤ ᠠᠷᠭᠠᠮᠵᠢᠶ᠎ᠠ ᠶᠢ ᠪᠠᠭᠤᠯᠭᠠᠵᠤ

ᠵᠡᠭᠡᠷ᠎ᠡ ᠶᠢᠨ ᠱᠠᠭ᠎ᠠ ᠪᠠᠨ ᠬᠤᠯᠪᠣᠶ᠎ᠠ ᠭᠡᠵᠤ

ᠠᠭᠠᠳᠠᠷ ᠤᠨ ᠰᠡᠭᠦᠯᠴᠢ ᠶᠢᠨ ᠰᠤᠯᠤᠩᠭ᠋᠎ᠠ ᠪᠠᠷᠢᠵᠤ

ᠰᠢᠯᠪᠢᠭᠦᠷ ᠤᠨ ᠥᠵᠦᠭᠦᠷ ᠲᠡᠭᠡᠨ ᠣᠶᠤᠶ᠎ᠠ ᠭᠡᠵᠤ

ᠥᠯᠢᠭᠡᠷ ᠳᠠᠭᠤᠰᠳᠠᠯ᠎ᠠ ᠦᠷ ᠴᠠᠢ᠌ᠯᠭᠠᠬᠤ ᠦᠭᠡᠶ ᠭᠡᠵᠤ

ᠥᠯᠦᠡᠭ᠌ ᠰᠢᠭᠦᠳᠡᠷᠢ ᠶᠢ ᠡᠳᠦᠷ ᠥᠡᠵᠢᠭᠡᠨ᠎ᠡ ᠭᠡᠵᠤ

ᠡᠷᠭᠡᠯᠡᠳᠡᠭ᠌ ᠪᠠᠢ᠌ᠭᠰᠠᠨ᠂ ᠡᠯᠳᠡᠪᠯᠡᠳᠡᠭ᠌ ᠪᠠᠢ᠌ᠭᠰᠠᠨ᠃

 

ᠡᠵᠢ ᠳᠡᠭᠡᠨ ᠪᠢ ᠡᠷᠭᠡᠯᠡᠳᠡᠭ᠌ ᠪᠠᠢ᠌ᠭᠰᠠᠨ

ᠡᠵᠢ ᠳᠡᠭᠡᠨ ᠪᠢ ᠡᠷᠭᠡᠯᠡᠭᠦ ᠳᠡᠭᠡᠨ

ᠦᠯᠵᠡᠢ᠌ᠳᠤ ᠪᠣᠯᠠᠭ ᠤᠨ ᠬᠠᠯᠠᠭᠠᠢ ᠶᠢᠨ

ᠦᠷᠭᠡᠰᠤ ᠪᠣᠯᠭᠠᠨ ᠢ ᠳᠡᠭᠦᠯᠭᠡᠭᠦ ᠭᠡᠵᠤ

ᠡᠪᠦᠳᠦᠭ᠌ ᠰᠢᠯᠪᠠᠯᠠᠭᠰᠠᠨ ᠴᠢᠯᠠᠭᠤᠨ ᠤ

ᠦᠪᠡᠷ ᠤᠨ ᠣᠭᠢᠯᠠᠬᠤ ᠶᠢ ᠨᠢ ᠦᠵᠡᠶ᠎ᠠ ᠭᠡᠵᠤ

ᠨᠠᠮᠢ᠋ᠢ ᠥᠰᠭᠡᠭ᠍ᠰᠡᠨ ᠡᠪᠦᠭᠡ ᠪᠠᠨ

ᠬᠤᠯᠠ ᠶᠠᠪᠣᠬᠤ ᠳᠤ ᠨᠢ ᠠᠪᠴᠢᠷᠠᠨ᠎ᠠ ᠭᠡᠵᠤ

ᠨᠠᠮᠤᠷ ᠤᠨ ᠰᠢᠪᠠᠭᠤ ᠶᠢ ᠪᠤᠴᠠᠭᠠᠯ ᠥᠭᠡᠢ

ᠨᠠᠭᠤᠷ ᠤᠨ ᠭᠦᠪᠠᠭᠡᠨ ᠳᠤ ᠳᠤᠭᠯᠠᠨ᠎ᠠ ᠭᠡᠵᠤ

ᠡᠵᠢ ᠳᠡᠭᠡᠨ ᠪᠢ ᠡᠷᠭᠡᠯᠡᠳᠡᠭ᠌ ᠪᠠᠢ᠌ᠭᠰᠠᠨ᠃

 

ᠣᠳᠤ ᠳᠡᠭᠡᠭᠦᠨ᠎ᠡ

ᠠᠯᠳᠠᠨ ᠭᠠᠳᠠᠰᠤ ᠶᠢᠨ ᠣᠳᠤ ᠠᠷᠭᠠᠮᠵᠢᠶ᠎ᠠ ᠶᠢ ᠪᠠᠭᠤᠯᠭᠠᠬᠤ ᠪᠠᠷ

ᠠᠪᠣ ᠮᠢᠨᠢ ᠶᠠᠪᠣᠴᠢᠬᠠᠭᠰᠠᠨ ᠶᠤᠮ ᠪᠢᠰᠢ ᠪᠢᠵᠡ ᠪᠠ ᠳ᠋ᠠ ᠠᠯᠠᠭ᠎ᠠ ᠪᠠᠢ᠌ᠨ᠎ᠠ︕

ᠦᠯᠵᠡᠢ᠌ᠳᠤ ᠪᠣᠯᠠᠭ ᠤᠨ᠂

ᠦᠯᠵᠡᠢ᠌ᠳᠤ ᠪᠣᠯᠠᠭ ᠤᠨ ᠦᠷᠦᠭᠡᠰᠤ ᠪᠣᠯᠭᠠᠨ ᠢ ᠳᠡᠭᠦᠭᠦ ᠭᠡᠳ

ᠡᠵᠢ ᠮᠢᠨᠢ ᠢᠷᠡᠭᠡ ᠦᠭᠡᠶ ᠶᠤᠮ ᠪᠢᠰᠢ ᠪᠠ ᠳ᠋ᠠ ᠡᠵᠡᠭᠦᠢ ᠪᠠᠢ᠌ᠨ᠎ᠠ︕

ᠮᠥᠩᠭᠡ ᠪᠣᠰᠤ ᠶᠢᠨ ᠣᠷᠴᠢᠯᠠᠩ ᠤᠨ ᠳᠤᠳᠠᠭᠤ ᠶᠢ

ᠦᠷ᠎ᠡ ᠳ᠋ᠡᠭᠡᠨ ᠪᠦᠳᠤᠨ ᠪᠣᠯᠭᠠᠬᠤ ᠭᠡᠳ

ᠮᠢᠨᠤ ᠬᠤᠶᠠᠷ ᠪᠣᠭᠤᠷᠤᠯ ᠭᠡᠷ ᠲᠡᠭᠡᠨ

ᠣᠳᠤ ᠡᠵᠡᠭᠦᠢ ᠪᠠᠢ᠌ᠨ᠎ᠠ᠃

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁