ᠪᠤᠯᠠᠭ

ᠳᠠᠭᠤᠴᠢᠨ᠄ ᠴᠢ᠊ · ᠪᠤᠯᠠᠭ
ᠦᠭᠡ᠄ ᠴᠢ᠊·ᠪᠤᠯᠠᠭ
ᠠᠶ᠎ᠠ᠄ ᠴᠢ᠊·ᠪᠤᠯᠠᠭ
ᠴᠤᠮᠤᠭ ᠤᠨ ᠬᠠᠷᠢᠶ᠎ᠠ᠄ ᠮᠠᠷᠲᠠᠭ᠎ᠠ ᠦᠭᠡᠢ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠴᠢ᠊·ᠪᠤᠯᠠᠭ ᠪᠠᠭᠰᠢ ᠬᠠᠩᠭᠠᠪᠠ
ᠳᠠᠷᠤᠮ᠄ 1462
ᠴᠠᠭ᠄ 2018 ᠤᠨ ᠤ 01 ᠰᠠᠷ᠎ᠠ ᠶᠢᠨ 22
ᠨᠠᠢ᠌ᠷᠠᠭᠤᠯᠤᠭᠴᠢ᠄ burgud

(ᠴᠡᠴᠡᠭ᠍ᠮ᠎ᠠ ᠳᠠᠭᠤᠯᠠᠪᠠ)

 

ᠰᠡᠩᠰᠡᠨ ᠪᠤᠷᠤᠭᠠᠨ ᠨᠢ ᠤᠷᠤᠬᠤᠢ ᠳᠤ

ᠰᠡᠳᠬᠢᠯ ᠰᠠᠨᠠᠭ᠎ᠠ ᠮᠢᠨᠢ ᠬᠡᠩᠰᠡᠷᠡᠭᠡᠳ ᠯᠠ ᠪᠠᠢ᠌ᠨ᠎ᠠ

ᠰᠠᠢ᠌ᠬᠠᠨ ᠠᠮᠠᠷᠠᠭ ᠶᠢᠠᠨ ᠪᠤᠳᠤᠬᠤᠢ ᠳᠤ

ᠰᠠᠨᠠᠭᠠᠨ ᠤ ᠦᠵᠦᠭᠦᠷ ᠮᠢᠨᠢ ᠡᠪᠡᠳᠦᠭᠡᠳ ᠯᠠ ᠪᠠᠢ᠌ᠨ᠎ᠠ

 

ᠵᠦᠰᠡᠷ ᠪᠤᠷᠤᠭᠠᠨ ᠨᠢ ᠤᠷᠤᠬᠤᠢ ᠳᠤ

ᠵᠢᠷᠦᠬᠡᠨ ᠤ ᠳᠤᠳᠤᠷ᠎ᠠ ᠮᠢᠨᠢ ᠬᠡᠩᠰᠡᠷᠡᠭᠡᠳ ᠯᠠ ᠪᠠᠢ᠌ᠨ᠎ᠠ

ᠵᠦᠢ᠌ᠲᠡᠢ ᠠᠮᠠᠷᠠᠭ ᠶᠢᠠᠨ ᠪᠤᠳᠤᠬᠤᠢ ᠳᠤ

ᠵᠢᠷᠦᠬᠡᠨ ᠤ ᠦᠵᠦᠭᠦᠷ ᠮᠢᠨᠢ ᠵᠢᠮᠵᠢᠭᠢᠨᠡᠭᠡᠳ ᠯᠠ ᠪᠠᠢ᠌ᠨ᠎ᠠ

 

ᠱᠠᠩᠲᠠ ᠶᠢᠨ ᠤᠰᠤ ᠶᠢ ᠪᠠᠨ ᠤᠤᠭᠤᠬᠤᠢ ᠳᠤ

ᠰᠠᠨᠠᠭ᠎ᠠ ᠰᠡᠳᠬᠢᠯ ᠮᠢᠨᠢ ᠬᠡᠩᠰᠡᠷᠡᠭᠡᠳ ᠯᠠ ᠪᠠᠢ᠌ᠨ᠎ᠠ

ᠰᠠᠨᠠᠭᠰᠠᠨ ᠡᠳᠦᠷ ᠶᠢᠡᠨ ᠪᠤᠳᠤᠬᠤᠢ ᠳᠤ

ᠱᠤᠭᠰᠢᠭᠤᠯᠵᠤ ᠪᠠᠢ᠌ᠬᠤ ᠴᠢᠨᠢ ᠦᠵᠡᠭᠳᠡᠭᠡᠳ ᠯᠠ ᠪᠠᠢ᠌ᠨ᠎ᠠ

 

ᠠᠭᠤᠯᠠᠨ ᠤ ᠤᠰᠤ ᠶᠢ ᠪᠠᠨ ᠤᠤᠭᠤᠬᠤᠢ ᠳᠤ

ᠠᠭᠤᠰᠬᠢ ᠵᠢᠷᠦᠬᠡ ᠮᠢᠨᠢ ᠬᠡᠩᠰᠡᠷᠡᠭᠡᠳ ᠯᠠ ᠪᠠᠢ᠌ᠨ᠎ᠠ

ᠤᠴᠠᠷᠠᠭᠰᠠᠨ ᠠᠮᠠᠷᠠᠭ ᠶᠢᠡᠨ ᠪᠤᠳᠤᠬᠤᠢ ᠳᠤ

ᠤᠬᠢᠯᠠᠵᠤ ᠪᠠᠢ᠌ᠬᠤ ᠴᠢᠨᠢ ᠬᠠᠷᠠᠭᠳᠠᠭᠠᠳ ᠯᠠ ᠪᠠᠢ᠌ᠨ᠎ᠠ

 

ᠪᠤᠯᠠᠭ ᠤᠨ ᠤᠰᠤ ᠶᠢ ᠪᠠᠨ ᠤᠤᠭᠤᠬᠤᠢ ᠳᠤ

ᠪᠤᠳᠤᠯ ᠤᠨ ᠳᠤᠳᠤᠷ᠎ᠠ ᠮᠢᠨᠢ ᠬᠡᠩᠰᠡᠷᠡᠭᠡᠳ ᠯᠠ ᠪᠠᠢ᠌ᠨ᠎ᠠ

ᠪᠤᠳᠤᠯᠭ᠎ᠠ ᠶᠢᠨ ᠠᠮᠠᠷᠠᠭ ᠶᠢᠡᠨ ᠪᠤᠳᠤᠬᠤᠢ ᠳᠤ

ᠪᠤᠴᠠᠬᠤ ᠡᠳᠦᠷ ᠮᠢᠨᠢ ᠲᠡᠩᠳᠡᠷᠡᠭᠡᠳ ᠯᠠ ᠪᠠᠢ᠌ᠨ᠎ᠠ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁