ᠯᠢᠶᠠᠩ ᠵᠢᠨ ᠭᠤᠯᠤᠤ

ᠳᠠᠭᠤᠴᠢᠨ᠄ ᠴᠦᠨ ᠯᠢᠶᠠᠩ
ᠴᠤᠮᠤᠭ ᠤᠨ ᠬᠠᠷᠢᠶ᠎ᠠ᠄ ᠭᠤᠤ ᠰᠢᠶᠤᠤ ᠵᠢᠶᠧ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤ
ᠢᠷᠡᠯᠲᠡ᠄ ᠴᠦᠨ ᠯᠢᠶᠠᠩ ᠬᠠᠩᠭᠠᠪᠠ
ᠳᠠᠷᠤᠮ᠄ 5281
ᠴᠠᠭ᠄ 2011 ᠤᠨ ᠤ 06 ᠰᠠᠷ᠎ᠠ ᠶᠢᠨ 05
ᠨᠠᠢ᠌ᠷᠠᠭᠤᠯᠤᠭᠴᠢ᠄ burgud

ᠪᠣᠷᠤᠭᠠᠨ ᠳᠤ ᠪᠠᠨ ᠨᠤᠷᠤᠭᠳᠠᠭᠰᠠᠨ ᠪᠣᠷᠤᠭᠴᠢᠨ ᠭᠤᠷᠭᠤᠤᠯ ᠡ

ᠪᠦᠭ᠍ᠰᠡᠨ ᠵᠥᠭ᠌ ᠶᠢᠡᠨ ᠱᠤᠪᠳᠤᠩ ᠡ ᠭᠦᠢ

ᠪᠣᠳᠤᠯᠭᠠᠨ ᠤ ᠭᠦᠮᠤᠨ ᠡᠴᠡ ᠪᠠᠨ ᠰᠠᠯᠤᠭᠠᠤᠨ ᠳᠡᠭᠡᠭ᠍ᠰᠡᠨ ᠭᠦᠮᠤᠨ ᠴᠢᠨᠢ

ᠴᠢᠷᠠᠢ ᠶᠢᠨ ᠥᠩᠭᠡ ᠨᠢ ᠰᠢᠷ᠎ᠠ ᠬᠤᠧᠨ ᠶᠠ ᠭᠦᠢ

 

ᠰᠢᠭᠦᠳᠡᠷᠢ ᠳᠤ ᠪᠠᠨ ᠨᠤᠷᠤᠭᠳᠠᠭᠰᠠᠨ ᠰᠤᠨ ᠭᠤᠷᠭᠤᠤᠯ ᠡ

ᠰᠡᠭᠦᠵᠢᠨ ᠵᠥᠭ᠌ ᠶᠢᠡᠨ ᠱᠤᠪᠳᠤᠩ ᠡ ᠭᠦᠢ

ᠰᠡᠳᠭᠢᠯ ᠤᠨ ᠭᠦᠮᠤᠨ ᠡᠴᠡ ᠪᠠᠨ ᠰᠠᠯᠤᠭᠠᠤᠨ ᠳᠡᠭᠡᠭ᠍ᠰᠡᠨ ᠭᠦᠮᠤᠨ ᠴᠢᠨᠢ

ᠴᠢᠷᠠᠢ ᠶᠢᠨ ᠥᠩᠭᠡ ᠨᠢ ᠰᠢᠷ᠎ᠠ ᠬᠤᠧᠨ ᠶᠠ ᠭᠦᠢ

 

ᠪᠣᠭᠤᠳᠠᠢ ᠶᠢᠨ ᠭᠤᠯᠢᠷ ᠶᠢᠡᠷ ᠶᠢᠡᠨ ᠪᠣᠤᠪᠣ ᠶᠤᠭᠠᠨ ᠬᠠᠭᠠᠷᠢᠪᠠᠴᠤ

ᠪᠣᠳᠤᠯᠭ᠎ᠠ ᠳᠠᠠᠳᠠ ᠪᠠᠨ ᠪᠠᠢ᠌ᠨ᠎ᠠ ᠦᠦ ᠳ᠋ᠠ ᠭᠦᠢ

ᠪᠣᠷᠬᠠᠨ ᠠᠳᠠᠯᠢ ᠡᠮᠴᠢ ᠪᠠᠨ ᠵᠠᠯᠠᠭᠠᠤᠨ ᠢᠷᠠᠪᠠᠴᠤ

ᠰᠥᠵᠢᠭ᠌ ᠳᠠᠠᠳᠠ ᠪᠠᠨ ᠪᠠᠢ᠌ᠨ᠎ᠠ ᠦᠦ ᠳ᠋ᠠ ᠭᠦᠢ

 

ᠪᠣᠳᠤᠯᠭᠠᠨ ᠤ ᠭᠦᠮᠤᠨ ᠴᠠᠭᠠᠠᠰᠢᠪᠠᠭᠤ ᠭᠡ ᠭᠡ ᠮᠢᠨᠢ

ᠪᠣᠳᠠᠷᠠᠭᠤᠯᠤᠭᠠᠤᠨ ᠢᠷᠠᠪᠠᠯ ᠳ᠋ᠠ ᠭᠦᠢ

ᠪᠣᠳᠤᠯᠭ᠎ᠠ ᠶᠢᠨ ᠡᠪᠡᠳᠴᠢᠨ ᠪᠣᠤᠶᠤᠤᠪᠢᠩ ᠴᠢᠨᠢ

ᠪᠣᠯᠳᠠᠩ ᠪᠣᠯᠳᠠᠩ ᠭᠦᠳᠡᠯᠦᠨ᠎ᠡ ᠭᠦᠢ

 

ᠰᠠᠭᠠᠭ ᠤᠨ ᠭᠤᠯᠢᠷ ᠶᠢᠡᠷ ᠶᠢᠡᠨ ᠱᠠᠯᠪᠢᠩ ᠶᠢᠡᠨ ᠬᠠᠭᠠᠷᠢᠪᠠᠴᠤ

ᠰᠠᠨᠠᠭ᠎ᠠ ᠳᠠᠠᠳᠠ ᠪᠠᠨ ᠪᠠᠢ᠌ᠨ᠎ᠠ ᠦᠦ ᠳ᠋ᠠ ᠭᠦᠢ

ᠰᠠᠭᠢᠭᠤᠯᠰᠤᠨ ᠠᠳᠠᠯᠢ ᠡᠮᠴᠢ ᠪᠠᠨ ᠵᠠᠯᠠᠭᠠᠤᠨ ᠢᠷᠠᠪᠠᠴᠤ

ᠰᠥᠵᠢᠭ᠌ ᠳᠠᠠᠳᠠ ᠪᠠᠨ ᠪᠠᠢ᠌ᠨ᠎ᠠ ᠦᠦ ᠳ᠋ᠠ ᠭᠦᠢ

 

ᠰᠠᠨᠠᠭᠠᠨ ᠤ ᠭᠦᠮᠤᠨ ᠴᠠᠭᠠᠠᠰᠢᠪᠠᠭᠤ ᠭᠡ ᠭᠡ ᠮᠢᠨᠢ

ᠰᠠᠵᠢᠯᠠᠭᠤᠯᠤᠭᠠᠤᠨ ᠢᠷᠠᠪᠠᠯ ᠳ᠋ᠠ ᠭᠦᠢ

ᠰᠠᠨᠠᠭᠠᠨ ᠤ ᠡᠪᠡᠳᠴᠢᠨ ᠰᠠᠠᠳᠤᠤᠪᠢᠩ ᠴᠢᠨᠢ

ᠰᠠᠷᠪᠠᠩ ᠰᠠᠷᠪᠠᠩ ᠭᠦᠳᠡᠯᠦᠨ᠎ᠡ ᠭᠦᠢ

 

ᠵᠢᠤᠬᠤᠧᠨ ᠰᠢᠶᠠᠨ ᠣᠳᠠᠰᠤ ᠪᠠᠷ ᠶᠢᠡᠨ ᠵᠥᠷᠢᠭᠦᠯᠵᠤ ᠪᠠᠢ᠌ᠭᠠᠤᠨ ᠣᠶᠤᠭᠰᠠᠨ

ᠵᠢᠤᠪᠣ ᠪᠦᠰ ᠤᠨ ᠬᠠᠠᠳᠠᠭᠠᠰᠤ ᠡ ᠭᠦᠢ

ᠵᠡᠭᠦᠨ ᠮᠦᠷᠤ ᠶᠢ ᠪᠠᠨ ᠴᠤᠭᠤᠷᠠᠳᠠᠯ᠎ᠠ ᠪᠠᠨ ᠡᠮᠦᠰᠪᠠᠴᠤ

ᠭᠡ ᠭᠡ ᠨᠢ ᠳᠡᠭᠦᠨ ᠶᠢᠡᠨ ᠭᠡᠭᠡᠨ᠎ᠡ ᠦᠦ ᠳ᠋ᠠ ᠭᠦᠢ

 

ᠳᠤᠷᠭᠠᠨ ᠣᠳᠠᠰᠤ ᠪᠠᠷ ᠶᠢᠡᠨ ᠳᠤᠭᠤᠵᠤ ᠪᠠᠢ᠌ᠭᠠᠤᠨ ᠭᠢᠭ᠍ᠰᠡᠨ

ᠳᠢᠶᠤᠤᠪᠣ ᠪᠦᠰ ᠤᠨ ᠬᠠᠠᠳᠠᠭᠠᠰᠤ ᠡ ᠭᠦᠢ

ᠳᠤᠬᠤᠢ ᠶᠢ ᠨᠢ ᠴᠤᠭᠤᠷᠠᠳᠠᠯ᠎ᠠ ᠪᠠᠨ ᠡᠮᠦᠰᠪᠠᠴᠤ

ᠭᠡ ᠭᠡ ᠨᠢ ᠳᠡᠭᠦᠨ ᠶᠢᠡᠨ ᠭᠡᠭᠡᠨ᠎ᠡ ᠦᠦ ᠳ᠋ᠠ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁