ᠤᠷᠲᠤ ᠶᠢᠨ ᠳᠠᠭᠤᠤ ᠶᠢᠨ ᠤᠶᠠᠩᠭᠠᠲᠤ ᠤᠷᠤᠨ

ᠳᠠᠭᠤᠴᠢᠨ᠄ ᠪ᠊·ᠳᠠᠰᠢᠳᠤᠨᠳᠤᠭ
ᠴᠤᠮᠤᠭ ᠤᠨ ᠬᠠᠷᠢᠶ᠎ᠠ᠄ ᠳᠠᠰᠢᠳᠤᠨᠳᠤᠭ EP
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 16135
ᠴᠠᠭ᠄ 2007 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ

ᠠᠯᠳᠠᠨ ᠨᠢᠳᠤᠳᠤ ᠣᠳᠤᠳ ᠤᠨ ᠭᠦᠷᠢᠶᠡᠯᠡᠩ ᠳᠤ

ᠠᠮᠤᠭᠤᠯᠠᠩ ᠰᠠᠷᠠᠨ ᠭᠠᠭᠴᠠᠭᠠᠷ ᠵᠤᠭᠠᠯᠠᠨ᠎ᠠ

ᠳᠠᠯ᠎ᠠ ᠶᠢᠨ ᠮᠤᠩᠭ᠋ᠤᠯ ᠤᠨ ᠮᠥᠩᠭᠦᠨ ᠰᠦᠨᠢ ᠵᠢ

ᠳᠠᠭᠠᠯᠠᠨ ᠰᠠᠭᠤᠵᠤ ᠰᠠᠭᠠᠳᠠᠬᠤ ᠲᠠᠪᠢᠯᠠᠩ ᠲᠠᠢ

 

ᠵᠡᠭᠦᠳᠦᠯᠡᠭᠦ ᠬᠤᠨ ᠰᠢᠭ ᠴᠠᠭᠠᠨ ᠭᠡᠷ ᠤᠳ ᠨᠢ

ᠵᠥᠯᠭᠡ ᠪᠠᠨ ᠳᠠᠭᠠᠭᠠᠤᠨ ᠵᠦᠮᠪᠦᠷᠯᠠᠨ ᠪᠠᠢ᠌ᠨ᠎ᠠ

ᠳᠤᠷᠤᠨ᠎ᠠ ᠶᠢᠨ ᠮᠤᠩᠭ᠋ᠤᠯ ᠤᠨ ᠠᠭᠤᠳᠠᠮ ᠳᠠᠯ᠎ᠠ ᠨᠢ

ᠳᠤᠲᠤᠨᠤ ᠰᠡᠳᠭᠢᠯ ᠶᠢᠡᠨ ᠳᠡᠯᠭᠡᠨ ᠣᠭᠳᠤᠨ᠎ᠠ

 

    ᠮᠢᠨᠤ ᠮᠤᠩᠭ᠋ᠤᠯ ᠡᠭᠡ ᠣᠷᠤᠨ

    ᠮᠤᠷᠢᠨ ᠬᠤᠭᠤᠷ ᠤᠨ ᠠᠶᠠᠯᠭᠤᠳᠤ ᠣᠷᠤᠨ

    ᠮᠤᠩᠭ᠋ᠤᠯ ᠮᠤᠩᠭ᠋ᠤᠯ ᠡᠭᠡ ᠣᠷᠤᠨ

    ᠣᠷᠳᠤ ᠶᠢᠨ ᠳᠠᠭᠤᠤ ᠶᠢᠨ ᠣᠶᠠᠩᠭ᠋ᠠᠳᠤ ᠣᠷᠤᠨ

 

ᠠᠭᠤᠳᠠᠮ ᠳᠠᠯ᠎ᠠ ᠶᠢᠨ ᠮᠤᠩᠭ᠋ᠤᠯ ᠲᠦᠮᠡᠨ ᠡᠴᠡ ᠨᠢ

ᠣᠷᠳᠤ ᠶᠢᠨ ᠳᠠᠭᠤᠤ ᠨᠢ ᠳᠦᠷᠦᠭ᠍ᠰᠡᠨ ᠴᠤ ᠶᠤᠮ ᠦᠦ ᠳ᠋ᠠ

ᠠᠷᠭᠠᠰᠤᠨ ᠬᠤᠭᠤᠷ ᠤᠨ ᠮᠤᠩᠭ᠋ᠤᠯ ᠠᠶᠠᠯᠭᠤ

ᠠᠯᠳᠠᠨ ᠳᠡᠯᠡᠭᠡᠢ ᠳᠤ ᠳᠠᠭᠤᠷᠢᠰᠤᠭᠰᠠᠨ ᠴᠤ ᠶᠤᠮ ᠦᠦ ᠳ᠋ᠠ

 

ᠳᠤᠷᠤᠭ ᠰᠢᠪᠠᠭᠤᠳ ᠨᠢ ᠨᠢᠰᠦᠭᠡᠳ ᠳᠠᠭᠤᠰᠤᠮ᠎ᠠ ᠦᠭᠡᠶ

ᠳᠠᠯ᠎ᠠ ᠶᠢᠨ ᠳᠡᠷᠳᠡᠭᠡ ᠬᠠᠷᠠᠭ᠎ᠠ ᠳᠦᠭᠦᠷᠦᠮ᠎ᠡ ᠦᠭᠡᠶ

ᠠᠩᠭᠢᠯᠠᠭᠤᠨ ᠴᠡᠴᠡᠭᠡᠰ ᠠᠯᠠᠭᠯᠠᠨ ᠨᠠᠢᠭᠤᠬᠤ

ᠠᠢ ᠳ᠋ᠠ ᠮᠤᠩᠭ᠋ᠤᠯ ᠤᠨ ᠠᠭᠤᠳᠠᠮ ᠳᠠᠯ᠎ᠠ ᠮᠢᠨᠢ

 

    ᠮᠢᠨᠤ ᠮᠤᠩᠭ᠋ᠤᠯ ᠡᠭᠡ ᠣᠷᠤᠨ

    ᠮᠤᠷᠢᠨ ᠬᠤᠭᠤᠷ ᠤᠨ ᠠᠶᠠᠯᠭᠤᠳᠤ ᠣᠷᠤᠨ

    ᠮᠤᠩᠭ᠋ᠤᠯ ᠮᠤᠩᠭ᠋ᠤᠯ ᠡᠭᠡ ᠣᠷᠤᠨ

    ᠣᠷᠳᠤ ᠶᠢᠨ ᠳᠠᠭᠤᠤ ᠶᠢᠨ ᠣᠶᠠᠩᠭ᠋ᠠᠳᠤ ᠣᠷᠤᠨ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ