ᠠᠮᠢᠨ ᠬᠠᠢᠷ᠎ᠠ ᠶᠢᠨ ᠡᠬᠡ ᠤᠷᠤᠨ

ᠳᠠᠭᠤᠴᠢᠨ᠄ ᠪᠦᠬᠦ ᠤᠳᠤᠳ
ᠦᠭᠡ᠄ ᠲᠦᠮᠡᠨᠵᠢᠷᠭᠠᠯ
ᠠᠶ᠎ᠠ᠄ ᠯ·ᠪᠠᠯᠾᠠᠵᠠᠪ
ᠴᠤᠮᠤᠭ ᠤᠨ ᠬᠠᠷᠢᠶ᠎ᠠ᠄ ᠣᠳᠣᠳ ᠤᠨ ᠬᠠᠮᠳᠤᠷᠠᠯᠴᠠᠭ᠎ᠠ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 23471
ᠴᠠᠭ᠄ 2007 ᠤᠨ ᠤ 02 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ

(ᠬᠡᠦᠬᠡᠳ ᠳᠠᠭᠤᠯᠠᠪᠠ)

 

ᠪᠢ ᠡᠵᠢ ᠠᠪᠤ ᠳᠠᠭᠠᠨ ᠬᠠᠢᠷᠠᠲᠠᠢ

ᠪᠢ ᠡᠬᠡ ᠤᠷᠤᠨ ᠳᠠᠭᠠᠨ ᠬᠠᠢᠷᠠᠲᠠᠢ

ᠪᠢ ᠮᠤᠩᠭᠤᠯ ᠤᠨ ᠢᠷᠡᠭᠡᠳᠦᠢ

 

ᠠᠯᠳᠠᠢ ᠶᠢᠨ ᠠᠭᠤᠯᠠ ᠡᠴᠡ ᠳᠤᠷᠤᠨ᠎ᠠ ᠶᠢᠨ ᠶᠡᠭᠡ ᠳᠠᠯ᠎ᠠ ᠭᠦᠷᠳᠡᠯ᠎ᠡ

ᠠᠯᠳᠠᠨ ᠭᠤᠪᠢ ᠡᠴᠡ ᠣᠮᠠᠷᠠᠭᠢ ᠭᠦᠭᠯᠦᠭᠡᠷ ᠨᠤᠭᠤᠭᠠᠨ ᠣᠢ ᠭᠦᠪᠴᠢ ᠭᠦᠷᠳᠡᠯ᠎ᠡ

ᠴᠡᠯᠡᠭᠡᠷ ᠠᠭᠤᠳᠠᠮ ᠨᠤᠳᠤᠭ ᠬᠠᠩᠭ᠋ᠠᠢ ᠶᠢᠨ ᠮᠤᠩᠭ᠋ᠤᠯ᠂ ᠭᠤᠪᠢ ᠶᠢᠨ ᠮᠤᠩᠭ᠋ᠤᠯ

ᠴᠡᠭᠡᠵᠢᠨ ᠳᠤ ᠯᠤᠭᠰᠢᠬᠤ ᠵᠢᠷᠦᠭᠡ ᠮᠢᠨᠤ ᠡᠭᠡ ᠣᠷᠤᠨ

ᠵᠢᠵᠢᠭ᠍‍ᠬᠡᠨ ᠪᠣᠯᠵᠤᠮᠤᠷ᠂ ᠠᠷᠭᠠᠯᠢ᠂ ᠶᠠᠩᠭᠢᠷ ᠤᠨ ᠴᠢᠭᠤᠯᠭᠠᠨ

ᠵᠢᠮᠢᠰ ᠤᠨ ᠢᠯᠳᠠᠮᠬᠠᠨ ᠦᠨᠦᠷ᠂ ᠨᠠᠮᠢᠷᠠᠭ᠎ᠠ ᠪᠣᠷᠤᠭᠠᠨ᠂ ᠮᠢᠨᠤ ᠡᠭᠡ ᠣᠷᠤᠨ

ᠮᠦᠷᠠᠨ ᠭᠤᠤᠯ ᠤᠨ ᠡᠭᠡᠰᠢᠭ᠌᠂ ᠮᠤᠷᠢᠨ ᠬᠤᠭᠤᠷ ᠤᠨ ᠣᠶᠠᠩᠭ᠋ᠠᠯᠢᠭ ᠠᠶᠠᠯᠭᠤ

ᠮᠥᠩᠭᠦᠨ ᠠᠶᠠᠭ᠎ᠠ ᠲᠡᠶ ᠰᠥ᠋ ᠮᠢᠨᠤ ᠡᠭᠡ ᠣᠷᠤᠨ

 

ᠣᠭᠤᠰᠤᠷ ᠪᠦᠴᠡ ᠦᠭᠡᠶ ᠴᠠᠭᠠᠨ ᠦᠷᠭᠦᠭᠡᠨ ᠳᠤ

ᠣᠨᠠᠵᠤ ᠳᠦᠷᠦᠭ᠍ᠰᠡᠨ ᠬᠤᠪᠣᠷ ᠵᠠᠶᠠᠭ᠎ᠠ

ᠣᠩᠭ᠋ᠤᠨ ᠨᠢᠯᠬ᠎ᠠ ᠡᠴᠡ ᠪᠠᠨ ᠳᠤᠭᠤᠨᠤ ᠶᠢᠨ ᠨᠢᠳᠤ ᠪᠠᠷ

ᠣᠳᠤ ᠲᠡᠶ ᠡᠷᠡᠮᠡᠯᠵᠡᠭ᠍ᠰᠡᠨ ᠬᠤᠯᠠᠴᠢ ᠮᠥᠷᠦᠭᠡᠳᠦᠯ ᠲᠡᠶ

ᠣᠮᠤᠭᠯᠠᠩ ᠭᠦᠯᠦᠭ᠌ ᠤᠨ ᠡᠷᠡᠮᠡᠭ᠌ ᠵᠤ᠋ ᠳᠡᠭᠡᠷ᠎ᠡ

ᠣᠮᠤᠭ ᠱᠤᠷᠠᠩᠬᠠᠢ᠌ᠯᠠᠭᠰᠠᠨ ᠣᠷᠳᠤ ᠶᠢᠨ ᠳᠠᠭᠤᠤ 

ᠣᠶᠤᠨ ᠳᠡᠭᠦᠰ ᠮᠤᠩᠭ᠋ᠤᠯ ᠲᠦᠮᠡᠨ ᠤ

ᠣᠷᠤᠢ ᠶᠢᠨ ᠳᠡᠭᠡᠳᠤ ᠭᠦᠰᠡᠯᠡᠩ ᠡᠪ ᠨᠢᠭᠡᠳᠦᠯ ᠡ

 

ᠠᠰᠠᠷ ᠳᠡᠭ᠍ᠷᠢ ᠶᠢᠨ ᠭᠡᠭᠡᠡᠭᠡᠨ ᠮᠡᠯᠮᠡᠢ

ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ

ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ

ᠠᠯᠳᠠ ᠪᠠᠶ᠎ᠠ ᠶᠢᠨ ᠭᠡᠷᠡᠯᠳᠤ ᠳ᠋ᠸᠪᠠᠵᠠᠨ

ᠠᠮᠢᠨ ᠬᠠᠢ᠌ᠷ᠎ᠠ ᠶᠢᠨ ᠡᠭᠡ ᠣᠷᠤᠨ ᠮᠢᠨᠢ

 

ᠡᠯᠡᠰᠤᠨ ᠤ ᠰᠢᠷᠭᠡᠭ᠌᠂ ᠮᠥᠩᠭᠡ ᠴᠠᠰᠤᠳᠤ ᠨᠤᠶᠠᠨ ᠣᠷᠭᠢᠯ

ᠡᠷᠡᠨ ᠦᠶ᠎ᠡ ᠶᠢᠨ ᠣᠷᠳᠤ ᠬᠠᠷᠰᠢ ᠭᠦᠯᠦᠭ᠌ ᠤᠨ ᠳᠦᠪᠠᠷᠭᠡᠨ ᠮᠢᠨᠤ ᠡᠭᠡ ᠣᠷᠤᠨ

ᠡᠷᠳᠡᠨᠢ ᠶᠢᠨ ᠠᠯᠳᠠᠨ ᠰᠤᠶᠤᠮᠪᠣ᠂ ᠡᠭᠡᠯᠢ ᠶᠢᠨ ᠴᠠᠭᠠᠬᠠᠨ ᠬᠠᠳᠠᠭ

ᠡᠪ ᠤᠨ ᠠᠷᠢᠭᠤᠨ ᠠᠠᠳᠠᠭᠠᠢ ᠮᠢᠨᠤ ᠡᠭᠡ ᠣᠷᠤᠨ

ᠬᠠᠳᠤᠨ ᠽᠠᠮᠪᠤ ᠳᠢᠪ ᠡᠴᠡ ᠬᠠᠨ ᠬᠤᠷᠮᠤᠰᠳᠠ ᠭᠦᠷᠳᠡᠯ᠎ᠡ

ᠬᠠᠯᠢᠭᠤᠨ ᠵᠥᠯᠭᠡᠨ ᠡᠴᠡ ᠡᠷᠭᠡᠰ ᠤᠨ ᠠᠯᠳᠠᠨ᠂ ᠮᠥᠩᠭᠦᠨ ᠣᠳᠤᠳ ᠭᠦᠷᠳᠡᠯ᠎ᠡ

ᠦᠨᠳᠦᠷ ᠵᠠᠶᠠᠭ᠎ᠠ ᠶᠢᠨ ᠨᠤᠳᠤᠭ ᠳᠡᠯᠡᠭᠡᠢ ᠶᠢᠨ ᠮᠤᠩᠭ᠋ᠤᠯ᠂ ᠴᠢᠩᠭᠢᠰ ᠤᠨ ᠮᠤᠩᠭ᠋ᠤᠯ

ᠥᠭᠡᠷ᠎ᠡ ᠭᠡᠨ ᠤ ᠭᠢ ᠴᠤ ᠪᠢᠰᠢ ᠮᠢᠨᠤ ᠡᠭᠡ ᠣᠷᠤᠨ

 

ᠣᠭᠤᠰᠤᠷ ᠪᠦᠴᠡ ᠦᠭᠡᠶ ᠴᠠᠭᠠᠨ ᠦᠷᠭᠦᠭᠡᠨ ᠳᠤ

ᠣᠨᠠᠵᠤ ᠳᠦᠷᠦᠭ᠍ᠰᠡᠨ ᠬᠤᠪᠣᠷ ᠵᠠᠶᠠᠭ᠎ᠠ

ᠣᠩᠭ᠋ᠤᠨ ᠨᠢᠯᠬ᠎ᠠ ᠡᠴᠡ ᠪᠠᠨ ᠳᠤᠭᠤᠨᠤ ᠶᠢᠨ ᠨᠢᠳᠤ ᠪᠠᠷ

ᠣᠳᠤ ᠲᠡᠶ ᠡᠷᠡᠮᠡᠯᠵᠡᠭ᠍ᠰᠡᠨ ᠬᠤᠯᠠᠴᠢ ᠮᠥᠷᠦᠭᠡᠳᠦᠯ ᠲᠡᠶ

ᠣᠮᠤᠭᠯᠠᠩ ᠭᠦᠯᠦᠭ᠌ ᠤᠨ ᠡᠷᠡᠮᠡᠭ᠌ ᠵᠤ᠋ ᠳᠡᠭᠡᠷ᠎ᠡ

ᠣᠮᠤᠭ ᠱᠤᠷᠠᠩᠬᠠᠢ᠌ᠯᠠᠭᠰᠠᠨ ᠣᠷᠳᠤ ᠶᠢᠨ ᠳᠠᠭᠤᠤ 

ᠣᠶᠤᠨ ᠳᠡᠭᠦᠰ ᠮᠤᠩᠭ᠋ᠤᠯ ᠲᠦᠮᠡᠨ ᠤ

ᠣᠷᠤᠢ ᠶᠢᠨ ᠳᠡᠭᠡᠳᠤ ᠭᠦᠰᠡᠯᠡᠩ ᠡᠪ ᠨᠢᠭᠡᠳᠦᠯ ᠡ

 

ᠠᠰᠠᠷ ᠳᠡᠭ᠍ᠷᠢ ᠶᠢᠨ ᠭᠡᠭᠡᠡᠭᠡᠨ ᠮᠡᠯᠮᠡᠢ

ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ

ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ

ᠠᠯᠳᠠ ᠪᠠᠶ᠎ᠠ ᠶᠢᠨ ᠭᠡᠷᠡᠯᠳᠤ ᠳ᠋ᠸᠪᠠᠵᠠᠨ

ᠠᠮᠢᠨ ᠬᠠᠢ᠌ᠷ᠎ᠠ ᠶᠢᠨ ᠡᠭᠡ ᠣᠷᠤᠨ ᠮᠢᠨᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ