ᠳᠤᠭᠲᠤᠢ ᠲᠠᠢ ᠳᠤᠷᠠᠯᠠᠯ

ᠳᠠᠭᠤᠴᠢᠨ᠄ ᠭᠡᠭᠡᠨᠵᠤᠯᠠ
ᠦᠭᠡ᠄ ᠬᠠᠰᠪᠢᠯᠢᠭ᠌᠂ ᠭᠡᠭᠡᠨᠵᠤᠯᠠ
ᠠᠶ᠎ᠠ᠄ ᠰᠦᠶ᠎ᠡ
ᠴᠤᠮᠤᠭ ᠤᠨ ᠬᠠᠷᠢᠶ᠎ᠠ᠄ ᠠᠷᠤ ᠬᠤᠷᠴᠢᠨ ᠰᠠᠢ᠌ᠬᠠᠨ ᠭᠠᠵᠠᠷ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 3804
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ

ᠰᠢᠤᠳᠠᠨ ᠤ ᠬᠠᠶ‍ᠢᠭ ᠶᠢᠡᠨ ᠪᠢᠴᠢᠵᠤ ᠦᠭ‍ᠭᠦᠭᠡᠷᠡᠢ ᠭᠡᠵᠤ

ᠰᠢᠯᠤᠭᠤᠬᠠᠨ ᠭᠤᠶᠤᠮᠠᠷ ᠭᠤᠶᠤᠮᠠᠷ ᠯᠠ ᠪᠠᠢ᠌ᠨ᠎ᠠ

ᠰᠢᠩᠬᠤᠨ ᠣᠯᠠᠭᠠᠨ ᠣᠷᠤᠭᠤᠯ ᠢ ᠴᠢᠨᠢ

ᠰᠢᠨᠤᠭ ᠦᠨᠦᠰᠮᠠᠷ ᠯᠠ ᠪᠠᠢ᠌ᠨ᠎ᠠ

ᠴᠡᠷᠢᠭ᠌ ᠭᠡᠦᠭᠡᠨ ᠴᠢᠮ᠎ᠠ ᠳᠤ ᠦᠭ‍ᠭᠦ

ᠴᠢᠩ ᠰᠡᠳᠭᠢᠯ ᠤᠨ ᠮᠢᠨᠢ ᠳᠤᠷᠠᠯᠠᠯ ᠪᠠᠢ᠌ᠨ᠎ᠠ

ᠣᠳᠠᠰᠤᠨ ᠤ ᠨᠤᠮᠸᠷ ᠶᠢᠡᠨ ᠳᠡᠮᠳᠡᠭᠯᠡᠵᠤ ᠦᠭ‍ᠭᠦᠭᠡᠷᠡᠢ ᠭᠡᠵᠤ

ᠣᠴᠢᠷᠯᠠᠨ ᠭᠤᠶᠤᠮᠠᠷ ᠭᠤᠶᠤᠮᠠᠷ ᠯᠠ ᠪᠠᠢ᠌ᠨ᠎ᠠ

ᠣᠯᠠᠢ᠌ᠭᠰᠠᠨ ᠳᠤᠯᠤᠨᠤ ᠰᠢᠭ ᠬᠠᠴᠠᠷ ᠢ ᠴᠢᠨᠢ

ᠣᠶᠠᠩᠭ᠋ᠠᠯᠠᠨ ᠳᠠᠭᠤᠯᠠᠮᠠᠷ ᠳᠠᠭᠤᠯᠠᠮᠠᠷ ᠯᠠ ᠪᠠᠢ᠌ᠨ᠎ᠠ

ᠴᠡᠷᠢᠭ᠌ ᠭᠡᠦᠭᠡᠨ ᠴᠢᠮ᠎ᠠ ᠳᠤ ᠦᠭ‍ᠭᠦ

ᠴᠢᠩ ᠰᠡᠳᠭᠢᠯ ᠤᠨ ᠮᠢᠨᠢ ᠳᠤᠷᠠᠯᠠᠯ ᠪᠠᠢ᠌ᠨ᠎ᠠ

ᠵᠢᠷᠤᠭ ᠶᠢᠡᠨ ᠨᠠᠳᠠᠳᠤ ᠥᠯᠡᠳᠡᠭᠡᠵᠤ ᠦᠭ‍ᠭᠦᠭᠡᠷᠡᠢ ᠭᠡᠵᠤ

ᠵᠤᠷᠢᠭᠯᠠᠨ ᠭᠤᠶᠤᠮᠠᠷ ᠭᠤᠶᠤᠮᠠᠷ ᠯᠠ ᠪᠠᠢ᠌ᠨ᠎ᠠ

ᠵᠡᠭᠦᠳᠤᠨ ᠳᠤ ᠢᠯᠡᠷᠡᠳᠡᠭ᠌ ᠳᠦᠷᠢ ᠶᠢ ᠴᠢᠨᠢ

ᠵᠢᠷᠦᠭᠡᠨ ᠳᠡᠭᠡᠨ ᠳᠠᠪᠠᠷᠢᠮᠠᠷ ᠳᠠᠪᠠᠷᠢᠮᠠᠷ ᠪᠠᠢ᠌ᠨ᠎ᠠ

ᠴᠡᠷᠢᠭ᠌ ᠭᠡᠦᠭᠡᠨ ᠴᠢᠮ᠎ᠠ ᠳᠤ ᠦᠭ‍ᠭᠦ

ᠴᠢᠩ ᠰᠡᠳᠭᠢᠯ ᠤᠨ ᠮᠢᠨᠢ ᠳᠤᠷᠠᠯᠠᠯ ᠪᠠᠢ᠌ᠨ᠎ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ