ᠨᠠᠰᠤᠨ ᠤ ᠬᠠᠢᠷ᠎ᠠ

ᠳᠠᠭᠤᠴᠢᠨ᠄ ᠪᠦᠬᠦ ᠤᠳᠤᠳ
ᠦᠭᠡ᠄ ᠳ·ᠳ᠋ᠠᠨᠽᠠᠨ
ᠠᠶ᠎ᠠ᠄ ᠯ·ᠭᠠᠯᠮᠠᠨᠳᠤᠬᠤ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 38187
ᠴᠠᠭ᠄ 2006 ᠤᠨ ᠤ 09 ᠰᠠᠷ᠎ᠠ ᠶᠢᠨ 10
ᠨᠠᠢ᠌ᠷᠠᠭᠤᠯᠤᠭᠴᠢ᠄ burgud

(ᠪᠠᠶᠠᠰᠬᠤᠯᠠᠩ᠂ ᠵᠢᠪᠬᠤᠯᠠᠩ ᠳᠠᠭᠤᠯᠠᠪᠠ)

 

ᠪᠣᠯᠵᠤᠮᠤᠷ ᠵᠢᠷᠭᠢᠵᠤ ᠰᠢᠭᠦᠳᠡᠷᠢ ᠪᠠᠭᠤᠭᠰᠠᠨ ᠦᠷᠯᠦᠭᠡ ᠪᠠᠢ᠌ᠭᠰᠠᠨ

ᠪᠣᠳᠤᠯ ᠠᠷᠢᠭᠤᠰᠴᠤ ᠰᠢᠯᠦᠭ᠌ ᠳᠤᠨᠢᠭᠰᠠᠨ ᠬᠠᠢ᠌ᠷ᠎ᠠ ᠪᠠᠢ᠌ᠭᠰᠠᠨ

ᠡᠨᠡ ᠦᠷᠯᠦᠭᠡ ᠪᠢᠳᠠᠨ ᠬᠤᠶᠠᠷ ᠤᠨ ᠬᠠᠢ᠌ᠷ᠎ᠠ ᠶᠢᠨ ᠦᠷᠯᠦᠭᠡ

ᠡᠨᠡ ᠬᠠᠢ᠌ᠷ᠎ᠠ ᠪᠢᠳᠠᠨ ᠬᠤᠶᠠᠷ ᠤᠨ ᠦᠷᠯᠦᠭᠡ ᠶᠢᠨ ᠬᠠᠢ᠌ᠷ᠎ᠠ᠃

 

ᠠᠢ᠌ᠷᠠᠭ ᠱᠤᠤᠭᠢᠵᠤ ᠨᠠᠢ᠌ᠷᠠᠭ ᠰᠡᠳᠭᠢᠭ᠍ᠰᠡᠨ ᠡᠳᠦᠷ ᠪᠠᠢ᠌ᠭᠰᠠᠨ

ᠰᠡᠳᠭᠢᠯ ᠰᠡᠷᠭᠦᠵᠤ ᠰᠡᠮᠭᠡᠨ ᠪᠠᠳᠠᠷᠠᠭᠰᠠᠨ ᠬᠠᠢ᠌ᠷ᠎ᠠ ᠪᠠᠢ᠌ᠭᠰᠠᠨ

ᠡᠨᠡ ᠡᠳᠦᠷ ᠪᠢᠳᠠᠨ ᠬᠤᠶᠠᠷ ᠤᠨ ᠬᠠᠢ᠌ᠷ᠎ᠠ ᠶᠢᠨ ᠡᠳᠦᠷ

ᠡᠨᠡ ᠬᠠᠢ᠌ᠷ᠎ᠠ ᠪᠢᠳᠠᠨ ᠬᠤᠶᠠᠷ ᠤᠨ ᠡᠳᠦᠷ ᠤᠨ ᠬᠠᠢ᠌ᠷ᠎ᠠ

 

ᠠᠭᠠᠷ ᠰᠤᠭᠳᠤᠵᠤ ᠠᠶᠠᠯᠭᠤ ᠳᠤᠨᠤᠷᠠᠭᠰᠠᠨ ᠦᠳᠡᠰᠢ ᠪᠠᠢ᠌ᠭᠰᠠᠨ

ᠭᠦᠰᠡᠯ ᠨᠠᠢ᠌ᠯᠠᠵᠤ ᠭᠢᠰᠠᠯ ᠨᠢᠭᠤᠭᠳᠠᠭᠰᠠᠨ ᠬᠠᠢ᠌ᠷ᠎ᠠ ᠪᠠᠢ᠌ᠭᠰᠠᠨ

ᠡᠨᠡ ᠦᠳᠡᠰᠢ ᠪᠢᠳᠠᠨ ᠬᠤᠶᠠᠷ ᠤᠨ ᠬᠠᠢ᠌ᠷ᠎ᠠ ᠶᠢᠨ ᠦᠳᠡᠰᠢ

ᠡᠨᠡ ᠬᠠᠢ᠌ᠷ᠎ᠠ ᠪᠢᠳᠠᠨ ᠬᠤᠶᠠᠷ ᠤᠨ ᠦᠳᠡᠰᠢ ᠶᠢᠨ ᠬᠠᠢ᠌ᠷ᠎ᠠ

 

ᠪᠣᠷᠤᠭ᠎ᠠ ᠱᠠᠭᠢᠵᠤ ᠴᠡᠴᠡᠭᠡᠰ ᠠᠯᠠᠭᠯᠠᠭᠰᠠᠨ ᠨᠠᠮᠤᠷ ᠪᠠᠢ᠌ᠭᠰᠠᠨ

ᠪᠣᠯᠵᠤᠭ᠎ᠠ ᠵᠠᠳᠠᠭᠠᠢ᠌ᠯᠠᠵᠤ ᠴᠡᠩᠭᠡᠯ ᠡᠳ᠋ᠯᠡᠭ᠍ᠰᠡᠨ ᠬᠠᠢ᠌ᠷ᠎ᠠ ᠪᠠᠢ᠌ᠭᠰᠠᠨ

ᠡᠨᠡ ᠨᠠᠮᠤᠷ ᠪᠢᠳᠠᠨ ᠬᠤᠶᠠᠷ ᠤᠨ ᠬᠠᠢ᠌ᠷ᠎ᠠ ᠶᠢᠨ ᠨᠠᠮᠤᠷ

ᠡᠨᠡ ᠬᠠᠢ᠌ᠷ᠎ᠠ ᠪᠢᠳᠠᠨ ᠬᠤᠶᠠᠷ ᠤᠨ ᠨᠠᠮᠤᠷ ᠤᠨ ᠬᠠᠢ᠌ᠷ᠎ᠠ

ᠡᠨᠡ ᠬᠠᠢᠷ᠎ᠠ ᠪᠢᠳᠠᠨ ᠬᠤᠶᠠᠷ ᠤᠨ ᠨᠠᠰᠤᠨ ᠤ ᠬᠠᠢᠷ᠎ᠠ ᠡ᠃

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁