ᠮᠠᠷᠲᠠᠭ᠎ᠠ ᠦᠭᠡᠢ

ᠳᠠᠭᠤᠴᠢᠨ᠄ ᠴᠢ᠊ · ᠪᠤᠯᠠᠭ
ᠦᠭᠡ᠄ ᠴᠢ᠊·ᠪᠤᠯᠠᠭ
ᠠᠶ᠎ᠠ᠄ ᠴᠢ᠊·ᠪᠤᠯᠠᠭ
ᠴᠤᠮᠤᠭ ᠤᠨ ᠬᠠᠷᠢᠶ᠎ᠠ᠄ ᠮᠠᠷᠲᠠᠭ᠎ᠠ ᠦᠭᠡᠢ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠴᠢ᠊·ᠪᠤᠯᠠᠭ ᠪᠠᠭᠰᠢ ᠬᠠᠩᠭᠠᠪᠠ
ᠳᠠᠷᠤᠮ᠄ 37506
ᠴᠠᠭ᠄ 2011 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ

ᠳᠦᠷᠦᠭ᠍ᠰᠡᠨ ᠨᠤᠳᠤᠭ ᠶᠢᠡᠨ ᠬᠤᠯᠠ ᠭᠡᠳ ᠪᠢ ᠮᠠᠷᠳᠠᠭ᠎ᠠ ᠦᠭᠡᠶ

ᠲᠦᠷᠦᠯ ᠰᠠᠳᠤᠨ ᠶᠢᠡᠨ ᠶᠠᠳᠠᠭᠤ ᠭᠡᠳ ᠪᠢ ᠬᠠᠶᠠᠭ᠎ᠠ ᠦᠭᠡᠶ

ᠳᠦᠷᠦᠭ᠍ᠰᠡᠨ ᠣᠭᠰᠠᠭ᠎ᠠ ᠮᠢᠨᠢ ᠮᠤᠩᠭ᠋ᠤᠯ ᠣᠴᠢᠷ ᠡᠴᠡ ᠪᠠᠨ

ᠲᠦᠮᠡᠨ ᠦᠶ᠎ᠡ ᠳᠡᠭᠡᠨ ᠴᠢᠩᠭᠢᠰ ᠶᠢᠡᠨ ᠮᠠᠷᠳᠠᠭ᠎ᠠ ᠦᠭᠡᠶ

 

ᠬᠠᠨᠠᠭᠠᠷ ᠳᠡᠯᠡᠭᠡᠢ ᠪᠠᠷ ᠳᠤᠭᠤᠷᠢᠵᠤ ᠶᠠᠪᠣᠯ᠎ᠠ ᠪᠢ

ᠬᠠᠢ᠌ᠷᠠᠳᠠᠢ ᠨᠤᠳᠤᠭ ᠢ ᠪᠠᠨ ᠰᠠᠨᠠᠵᠤ ᠶᠠᠪᠣᠯ᠎ᠠ ᠪᠢ

ᠬᠠᠮᠤᠭ ᠮᠤᠩᠭ᠋ᠤᠯᠴᠤᠳ ᠶᠢᠡᠨ ᠬᠠᠢ᠌ᠷᠠᠯᠠᠵᠤ ᠮᠥᠷᠦᠭᠡᠳᠭᠦ ᠳᠡᠭᠡᠨ

ᠬᠠᠯᠠᠭᠤᠨ ᠨᠢᠯᠪᠣᠰᠤ ᠪᠠᠨ ᠣᠷᠤᠰᠬᠠᠵᠤ ᠶᠠᠪᠣᠯ᠎ᠠ ᠪᠢ

 

ᠦᠨᠦᠴᠢᠨ ᠵᠡᠭᠡᠷ᠎ᠡ ᠰᠢᠭ᠌ ᠣᠢ᠌ᠤᠠᠴᠤ ᠶᠠᠪᠣᠯ᠎ᠠ ᠪᠢ

ᠦᠨᠳᠦᠰᠦᠳᠠᠨ ᠣᠭᠰᠠᠭ᠎ᠠ ᠶᠢ ᠪᠠᠨ ᠪᠣᠳᠤᠵᠤ ᠶᠠᠪᠣᠯ᠎ᠠ ᠪᠢ

ᠦᠪᠡᠷ ᠤᠨ ᠡᠵᠢ ᠮᠢᠨᠢ ᠮᠤᠩᠭ᠋ᠤᠯ ᠣᠴᠢᠷ ᠡᠴᠡ

ᠦᠶ᠎ᠡ ᠶᠢᠨ ᠦᠶ᠎ᠡ ᠳᠡᠭᠡᠨ ᠨᠤᠳᠤᠭ ᠶᠢᠡᠨ ᠮᠠᠷᠳᠠᠭ᠎ᠠ ᠦᠭᠡᠶ

ᠦᠪᠡᠷ ᠤᠨ ᠡᠵᠢ ᠮᠢᠨᠢ ᠮᠤᠩᠭ᠋ᠤᠯ ᠣᠴᠢᠷ ᠡᠴᠡ

ᠦᠶ᠎ᠡ ᠶᠢᠨ ᠦᠶ᠎ᠡ ᠳᠡᠭᠡᠨ ᠮᠤᠩᠭ᠋ᠤᠯ ᠶᠢᠡᠨ ᠮᠠᠷᠳᠠᠭ᠎ᠠ ᠥᠭᠡᠢ

ᠰᠡᠳᠬᠢᠭᠳᠡᠯ ᠴᠣᠭᠯᠠᠭᠤᠯᠤᠯᠭ᠎ᠠ 1 ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ