ᠠᠪᠤ ᠶᠢ ᠪᠠᠨ ᠰᠠᠨᠠᠭᠠᠳ ᠪᠠᠢᠨ᠎ᠠ ᠳᠠ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 18196
ᠴᠠᠭ᠄ 2009 ᠤᠨ ᠤ 12 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ

(ᠪᠤᠯᠤᠳᠪᠠᠭᠠᠲᠤᠷ᠂ ᠪᠤᠷᠮ᠎ᠠ ᠳᠠᠭᠤᠯᠠᠪᠠ)

 

ᠬᠠᠨ ᠠᠭᠤᠯᠠ ᠶᠢᠨ ᠴᠡᠴᠡᠭ᠌ ᠨᠠᠢ᠌ᠭᠤᠭᠠᠤᠨ

ᠬᠠᠪᠣᠷ ᠤᠨ ᠨᠠᠷᠠᠨ ᠠᠭᠤᠯᠠᠨ ᠳᠤ ᠳᠤᠰᠤᠯ᠎ᠠ

ᠬᠠᠢ᠌ᠷᠠᠳᠠᠢ ᠪᠣᠭᠤᠷᠤᠯ ᠠᠪᠣ ᠳᠠᠨ ᠢ ᠪᠠᠨ

ᠬᠠᠨ ᠠᠭᠤᠯᠠ ᠡᠴᠡ ᠪᠠᠨ ᠬᠠᠷᠠᠬᠤ ᠰᠢᠭ᠌ ᠪᠣᠯᠤᠯ᠎ᠠ

    ᠰᠠᠢ᠌ᠬᠠᠨ ᠪᠣᠭᠤᠷᠤᠯ ᠠᠪᠣ ᠳᠠᠨ ᠢ ᠪᠠᠨ

    ᠰᠠᠨᠠᠭᠠᠤᠨ ᠯᠠ ᠪᠠᠢ᠌ᠨ᠎ᠠ ᠳ᠋ᠠ ᠭᠦᠤ ᠴᠢᠨᠢ

 

ᠣᠨᠠᠭᠠᠨ ᠨᠤᠳᠤᠭ ᠲᠤ ᠮᠢᠨᠢ ᠵᠡᠷᠭᠡᠯᠭᠡᠨ ᠮᠢᠷᠠᠯᠵᠠᠭᠠᠤᠨ

ᠣᠰᠤᠨ ᠤ ᠰᠢᠪᠠᠭᠤᠳ ᠨᠢ ᠭᠠᠩᠭ᠋ᠠᠨᠠᠨ ᠴᠤᠭᠯᠠᠯ᠎ᠠ

ᠣᠬᠠᠭᠠᠨ ᠲᠡᠶ ᠪᠣᠭᠤᠷᠤᠯ ᠠᠪᠣ ᠳᠠᠨ ᠢ ᠪᠠᠨ

ᠣᠷᠤᠰᠤᠮᠠᠷ ᠣᠠᠳᠤᠤ ᠬᠠᠷᠠᠬᠤ ᠰᠢᠭ᠌ ᠪᠣᠯᠤᠯ᠎ᠠ

    ᠰᠠᠠᠴᠢᠭ ᠪᠣᠭᠤᠷᠤᠯ ᠠᠪᠣ ᠳᠠᠨ ᠶᠢ ᠪᠠᠨ

    ᠰᠠᠨᠠᠭᠠᠤᠨ ᠯᠠ ᠪᠠᠢ᠌ᠨ᠎ᠠ ᠳ᠋ᠠ ᠭᠦᠤ ᠴᠢᠨᠢ

 

ᠨᠠᠷᠠᠨ ᠰᠠᠷᠠᠨ ᠤ ᠭᠤᠷᠭᠢᠶᠠᠨ ᠬᠠᠶᠠᠯᠠᠭᠠᠤᠨ

ᠨᠠᠮᠤᠷ ᠤᠨ ᠴᠠᠭ ᠬᠠᠯᠢᠭᠤᠷᠠᠭᠠᠤᠨ ᠢᠷᠠᠯ᠎ᠠ

ᠨᠠᠰᠤᠳᠠᠢ ᠪᠣᠭᠤᠷᠤᠯ ᠠᠪᠣ ᠶᠢᠨ ᠶᠢᠡᠨ ᠥᠭᠡ ᠵᠢ

ᠳᠠᠰ ᠤᠨ ᠭᠤᠤᠯ ᠡᠴᠡ ᠪᠠᠨ ᠰᠤᠨᠤᠰᠬᠤ ᠰᠢᠭ᠌ ᠪᠣᠯᠤᠯ᠎ᠠ

    ᠰᠠᠢ᠌ᠬᠠᠨ ᠪᠣᠭᠤᠷᠤᠯ ᠠᠪᠣ ᠳᠠᠨ ᠢ ᠪᠠᠨ

    ᠰᠠᠨᠠᠭᠠᠤᠨ ᠯᠠ ᠪᠠᠢ᠌ᠨ᠎ᠠ ᠳ᠋ᠠ ᠭᠦᠤ ᠴᠢᠨᠢ

 

ᠣᠯᠠᠪᠣᠷ ᠠᠭᠤᠯᠠᠰ ᠤᠨ ᠣᠷᠤᠢ ᠪᠣᠳᠠᠩᠳᠤᠭᠠᠤᠨ

ᠡᠪᠦᠯ ᠤᠨ ᠭᠦᠢᠳᠡᠨ ᠵᠢᠩᠳᠡᠭᠡᠳ ᠢᠷᠠᠯ᠎ᠠ

ᠡᠪᠦᠭᠡᠨ ᠪᠣᠭᠤᠷᠤᠯ ᠠᠪᠣ ᠳᠠᠨ ᠢ ᠪᠠᠨ

ᠦᠨᠳᠦᠷᠳᠤ ᠶᠢᠨ ᠣᠪᠣᠭᠠᠨ ᠳᠠᠭᠠᠨ ᠬᠠᠷᠠᠬᠤ ᠰᠢᠭ᠌ ᠪᠣᠯᠤᠯ᠎ᠠ

    ᠰᠠᠢ᠌ᠬᠠᠨ ᠪᠣᠭᠤᠷᠤᠯ ᠠᠪᠣ ᠳᠠᠨ ᠢ ᠪᠠᠨ

    ᠰᠠᠨᠠᠭᠠᠤᠨ ᠯᠠ ᠪᠠᠢ᠌ᠨ᠎ᠠ ᠳ᠋ᠠ ᠭᠦᠤ ᠴᠢᠨᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ