ᠨᠢᠴᠦᠭᠦᠨ ᠪᠠᠢᠬᠤ ᠶᠢ ᠮᠢᠨᠢ ᠪᠢᠲᠡᠭᠡᠢ ᠬᠠᠷᠠᠭᠠᠷᠠᠢ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠠᠢᠷ᠎ᠠ ᠳᠤᠷᠠᠯᠠᠯ ᠤᠨ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 15562
ᠴᠠᠭ᠄ 2007 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ

(ᠳᠠᠭᠤᠴᠢᠨ ᠮᠢᠨᠵᠢᠨᠰᠤᠷ)

 

ᠬᠠᠴᠢᠨ ᠰᠠᠨᠠᠭ᠎ᠠ ᠭᠡᠨᠡᠨ ᠭᠦᠰᠡᠯ

ᠬᠠᠶᠠ ᠨᠠᠮᠢ᠋ᠢ ᠢᠯᠡᠭᠦᠤ ᠣᠶᠠᠷᠠᠭᠠᠨ᠎ᠠ

ᠪᠣᠷᠤᠭᠠᠨ ᠭᠦᠷᠳᠡᠯ᠎ᠡ ᠴᠠᠰᠤ ᠴᠤ ᠶᠤᠮ ᠰᠢᠭ

ᠨᠠᠮᠤᠷ ᠭᠦᠷᠳᠡᠯ᠎ᠡ ᠬᠠᠪᠣᠷ ᠴᠤ ᠶᠤᠮ ᠰᠢᠭ

ᠰᠠᠷᠠᠨ ᠤ ᠴᠢᠮᠡᠭᠡ ᠬᠤᠳᠠᠯ ᠭᠡᠯᠡᠭᠦ ᠦᠭᠡᠶ

ᠡᠩᠭᠦᠷᠡᠢ ᠴᠢᠮ᠎ᠠ ᠳᠤ ᠡᠷᠭᠡᠯᠡᠭᠡ ᠦᠭᠡᠶ ᠭᠡᠵᠤ

ᠰᠠᠢ᠌ᠬᠠᠨ ᠰᠦᠨᠢ ᠴᠢᠮᠢ᠋ᠢ ᠬᠠᠭᠤᠷᠬᠤ ᠦᠭᠡᠶ

ᠡ᠊ᠨᠳᠡ ᠨᠠᠮᠢ᠋ᠢ ᠣᠶᠠᠷᠠᠭ᠎ᠠ ᠦᠭᠡᠶ ᠭᠡᠵᠤ

 

ᠨᠢᠳᠤᠨ ᠳᠡᠭᠡᠷ᠎ᠡ ᠴᠢᠨᠢ ᠪᠢ ᠡᠩᠭᠦᠷᠡᠢ᠌ᠯᠡᠵᠤ ᠦᠨᠦᠰᠲᠡᠯ᠎ᠠ

ᠨᠢᠴᠦᠭᠦᠨ ᠪᠠᠢ᠌ᠬᠤ ᠶᠢ ᠮᠢᠨᠢ ᠪᠢᠳᠡᠭᠡᠢ ᠬᠠᠷᠠᠭᠠᠷᠠᠢ

ᠬᠠᠷᠠᠴᠠᠨ ᠳᠤᠤᠷ᠎ᠠ ᠴᠢᠨᠢ ᠪᠠᠶ᠎ᠠ ᠪᠠᠷ ᠶᠢᠡᠨ ᠣᠶᠠᠷᠠᠳᠠᠯ᠎ᠠ

ᠬᠠᠢ᠌ᠷᠠᠳᠤ ᠮᠢᠨᠢ ᠨᠠᠮᠢ᠋ᠢ ᠪᠠᠨ ᠪᠢᠳᠡᠭᠡᠢ ᠠᠷᠭᠠᠳᠠᠭᠠᠷᠠᠢ

ᠡᠨᠡᠭᠡᠨ ᠭᠦᠰᠡᠯ ᠳᠡᠭᠡᠨ ᠵᠢᠷᠭᠠᠵᠤ ᠪᠠᠢ᠌ᠬᠤ ᠳᠠᠭᠠᠨ ᠪᠢ ᠭᠠᠭᠴᠠᠭᠠᠷ

 

ᠦᠬᠢᠨ ᠨᠠᠰᠤ ᠳᠠᠩᠭᠢᠯ ᠰᠡᠳᠭᠢᠯ

ᠣᠳᠤ ᠨᠠᠮᠢ᠋ᠢ ᠢᠯᠡᠭᠦᠤ ᠣᠶᠠᠷᠠᠭᠠᠨ᠎ᠠ

ᠰᠢᠭᠦᠳᠡᠷᠢ ᠭᠦᠷᠳᠡᠯ᠎ᠡ ᠰᠤᠪᠣᠤᠨ ᠴᠤ ᠶᠤᠮ ᠰᠢᠭ

ᠰᠡᠭᠦᠳᠡᠷ ᠴᠤ ᠭᠦᠷᠳᠡᠯ᠎ᠡ ᠨᠠᠷᠠ ᠴᠤ ᠶᠤᠮ ᠰᠢᠭ

ᠴᠢᠨᠤ ᠡᠮᠦᠨ᠎ᠡ ᠬᠤᠳᠠᠯ ᠢᠨᠢᠶᠡᠭᠦ ᠦᠭᠡᠶ

ᠴᠢᠮᠢ᠋ᠢ ᠪᠠᠨ ᠭᠡᠵᠢᠶ᠎ᠡ ᠴᠤ ᠬᠠᠭᠤᠷᠬᠤ ᠦᠭᠡᠶ ᠭᠡᠵᠤ

ᠴᠢᠭᠢᠭ᠌ ᠲᠡᠶ ᠦᠳᠡᠰᠢ ᠨᠠᠷᠠᠨ ᠭᠠᠷᠬᠤ ᠦᠭᠡᠶ

ᠴᠢᠮᠢ᠋ᠢ ᠯᠠ ᠬᠤᠷᠳᠤᠨ ᠢᠷᠡᠭᠡᠰᠡᠢ ᠭᠡᠵᠤ

 

ᠣᠷᠤᠭᠤᠯ ᠳᠡᠭᠡᠷ᠎ᠡ ᠴᠢᠨᠢ ᠳᠠᠭᠠᠨ ᠦᠪᠡᠷ ᠶᠢᠡᠨ ᠣᠵᠤᠳᠠᠯ᠎ᠠ

ᠣᠨᠠᠭᠠᠨ ᠴᠡᠭᠡᠵᠢ ᠶᠢ ᠮᠢᠨᠢ ᠪᠢᠳᠡᠭᠡᠢ ᠳᠡᠪᠠᠷᠢᠭᠡᠷᠡᠢ

ᠠᠮᠢᠰᠬᠤᠯ ᠳᠤᠮᠳᠠ ᠴᠢᠨᠢ ᠪᠠᠶ᠎ᠠ ᠪᠠᠷ ᠶᠢᠡᠨ ᠣᠶᠠᠷᠠᠳᠠᠯ᠎ᠠ

ᠠᠮᠠᠷᠠᠭ ᠮᠢᠨᠢ ᠨᠠᠮᠢ᠋ᠢ ᠪᠢᠳᠡᠭᠡᠢ ᠠᠷᠭᠠᠳᠠᠭᠠᠷᠠᠢ

ᠡᠨᠡᠭᠡᠨ ᠭᠦᠰᠡᠯ ᠳᠡᠭᠡᠨ ᠵᠢᠷᠭᠠᠵᠤ ᠪᠠᠢ᠌ᠬᠤ ᠳᠠᠭᠠᠨ ᠪᠢ ᠭᠠᠭᠴᠠᠭᠠᠷ

 

ᠬᠠᠷᠠᠴᠠ ᠪᠠᠨ ᠨᠢᠭᠤᠨ ᠳᠤᠳᠤᠷ᠎ᠠ ᠪᠠᠨ ᠣᠶᠠᠷᠠᠳᠠᠯ᠎ᠠ

ᠡᠷᠡᠮᠡᠭ᠌ ᠪᠠᠶ᠎ᠠ ᠶᠢ ᠮᠢᠨᠢ ᠪᠢᠳᠡᠭᠡᠢ ᠳᠠᠭᠠᠯᠠᠭᠠᠷᠠᠢ

ᠬᠠᠷᠠᠮ ᠰᠠᠨᠠᠭ᠎ᠠ ᠦᠭᠡᠶ ᠴᠢᠮ᠎ᠠ ᠳᠠᠭᠠᠨ ᠠᠭᠤᠰᠳᠠᠯ᠎ᠠ

ᠨᠢᠴᠦᠭᠦᠨ ᠪᠠᠢ᠌ᠬᠤ ᠶᠢ ᠮᠢᠨᠢ ᠪᠢᠳᠡᠭᠡᠢ ᠬᠠᠷᠠᠭᠠᠷᠠᠢ

ᠡᠩ ᠦᠭᠡᠶ ᠬᠠᠢ᠌ᠷᠠᠨ ᠳᠠᠭᠠᠨ ᠰᠥᠭᠦᠷᠡᠵᠤ ᠪᠠᠢ᠌ᠬᠤ ᠳᠠᠭᠠᠨ ᠪᠢ ᠭᠠᠭᠴᠠᠭᠠᠷ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ