ᠬᠤᠩᠬᠤᠨ ᠤ ᠳᠠᠭᠤᠨ
ᠣᠷᠢᠳᠤ ᠰᠦᠨᠢ ᠬᠠᠷ᠎ᠠ ᠳᠠᠷᠤᠵᠤ ᠵᠡᠭᠦᠳᠦᠯᠡᠯ᠎ᠡ
ᠣᠷᠳᠤ ᠭᠠᠷ ᠨᠠᠮᠢ᠋ᠢ ᠵᠤᠪᠠᠭᠠᠨ᠎ᠠ
ᠭᠡᠯᠡᠭᠦ ᠥᠭᠡ ᠶᠢ ᠮᠢᠨᠢ ᠪᠣᠭᠤᠭᠳᠠᠭᠤᠯᠵᠤ
ᠬᠠᠷᠠᠬᠤ ᠨᠢᠳᠤ ᠶᠢ ᠮᠢᠨᠢ ᠬᠠᠯᠬᠠᠯᠠᠨ᠎ᠠ
ᠠᠵᠠ ᠪᠣᠯᠵᠤ ᠬᠤᠩᠬᠤ ᠳᠤᠤᠭᠠᠷᠠᠯᠠ
ᠠᠷᠠᠢ ᠶᠠᠳᠠᠨ ᠨᠣᠢ᠌ᠷ ᠡᠴᠡ ᠪᠠᠨ ᠰᠠᠷᠢᠯᠠ
ᠬᠤᠩᠬᠤᠨ ᠤ ᠳᠠᠭᠤᠨ ᠪᠢᠳᠠᠨ ᠢ ᠰᠡᠷᠢᠭᠡᠨ᠎ᠡ
ᠬᠤᠩᠬᠤᠨ ᠤ ᠳᠠᠭᠤᠨ ᠪᠢᠳᠠᠨ ᠢ ᠰᠡᠷᠢᠭᠡᠨ᠎ᠡ
ᠭᠡᠭᠡᠨ ᠨᠠᠷᠠᠨ ᠢᠯᠴᠢ ᠪᠠᠷ ᠶᠢᠡᠨ
ᠪᠠᠭᠡᠷᠡᠭ᠍ᠰᠡᠨ ᠳᠤᠯᠤᠭᠠᠤᠨ ᠢ ᠭᠡᠰᠭᠡᠨᠡ
ᠪᠠᠯᠭᠡᠳᠤ ᠶᠢᠨ ᠬᠤᠩᠬᠤ ᠨᠢ ᠡᠭᠡᠰᠢᠭ᠌ ᠶᠢᠡᠷ ᠶᠢᠡᠨ
ᠨᠣᠢ᠌ᠷ ᠡᠴᠡ ᠪᠦᠭᠦᠳᠡ ᠶᠢ ᠰᠡᠷᠢᠭᠡᠨ᠎ᠡ
ᠦᠷᠯᠦᠭᠡ ᠨᠠᠮᠢ᠋ᠢ ᠰᠡᠷᠢᠭᠡᠭ᠍ᠰᠡᠨ
ᠥᠩᠭᠡᠯᠢᠭ᠌ ᠬᠤᠩᠬᠤᠨ ᠤ ᠳᠠᠭᠤᠨ
ᠦᠷᠳᠡᠭᠡᠯᠡᠩᠭᠡᠨ ᠴᠤᠤᠷᠢᠶᠠᠳᠤᠭᠰᠠᠭᠠᠷ
ᠦᠷᠭᠡᠨ ᠳᠠᠯ᠎ᠠ ᠶᠢ ᠳᠤᠭᠤᠯᠤᠭᠠᠷᠠᠢ
ᠠᠶ᠎ᠠ ︕ ᠪᠠᠯᠭ᠍ᠡᠳᠡᠯ ᠤᠨ ᠮᠢᠨᠢ ᠬᠤᠩᠬᠤ
ᠪᠢᠳᠠᠨ ᠤ ᠭᠦᠰᠡᠯ ᠢ ᠳᠦᠭᠡᠭᠡᠭᠡᠷᠡᠢ
ᠬᠤᠩᠬᠤᠨ ᠤ ᠳᠠᠭᠤᠨ ᠭᠦᠰᠡᠯᠡᠩ ᠢ ᠳᠦᠭᠡᠭᠡ
ᠬᠤᠩᠬᠤᠨ ᠤ ᠳᠠᠭᠤᠨ ᠵᠤᠷᠢᠭ ᠢ ᠪᠠᠳᠠᠷᠠᠭᠠ