ᠤᠶᠤᠩᠭᠤᠸ᠎ᠠ ᠯᠦᠩᠲᠠᠩ

ᠳᠠᠭᠤᠴᠢᠨ᠄ ᠴᠦᠨ ᠯᠢᠶᠠᠩ
ᠴᠤᠮᠤᠭ ᠤᠨ ᠬᠠᠷᠢᠶ᠎ᠠ᠄ ᠭᠤᠤ ᠰᠢᠶᠤᠤ ᠵᠢᠶᠧ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤ
ᠢᠷᠡᠯᠲᠡ᠄ ᠴᠦᠨ ᠯᠢᠶᠠᠩ ᠬᠠᠩᠭᠠᠪᠠ
ᠳᠠᠷᠤᠮ᠄ 5656
ᠴᠠᠭ᠄ 2011 ᠤᠨ ᠤ 06 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ

ᠠᠯᠠᠭᠴᠢ ᠦᠨᠢᠶ᠎ᠡ ᠳᠤᠭᠤᠯ ᠲᠡᠶ ᠬᠤᠶᠠᠭᠤᠯᠠ ᠶᠢ

ᠠᠷᠠᠯ ᠡᠴᠡ ᠪᠠᠨ ᠣᠶᠠᠴᠢᠬᠠᠵᠠᠢ ᠡᠨ ᠬᠨ ᠡᠨ ᠬᠨ ᠭᠦᠢ

ᠠᠩᠭ᠋᠎ᠠ ᠴᠤ ᠪᠠᠭ᠎ᠠ ᠣᠶᠤᠩᠭ᠋ᠤᠸ᠎ᠠ ᠯᠦᠩᠳᠠᠩ ᠢ

ᠠᠯᠤᠰ ᠤᠨ ᠭᠠᠵᠠᠷ ᠳᠤᠭᠢᠷᠠᠵᠠᠢ ᠡᠨ ᠬᠨ ᠡᠨ ᠬᠨ ᠭᠦᠢ

 

ᠭᠦᠷᠡᠭ᠍ᠴᠢ ᠦᠨᠢᠶ᠎ᠡ ᠳᠤᠭᠤᠯ ᠲᠡᠶ ᠬᠤᠶᠠᠭᠤᠯᠠ ᠶᠢ

ᠭᠦᠷᠢᠶᠡᠨ ᠳᠤᠮᠳᠠ ᠪᠠᠨ ᠣᠶᠠᠴᠢᠬᠠᠵᠠᠢ ᠡᠨ ᠬᠨ ᠡᠨ ᠬᠨ ᠭᠦᠢ

ᠭᠡᠦᠭᠡᠨ ᠪᠠᠭ᠎ᠠ ᠣᠶᠤᠩᠭ᠋ᠤᠸ᠎ᠠ ᠯᠦᠩᠳᠠᠩ ᠢ

ᠭᠦᠮᠤᠨ ᠤ ᠭᠠᠵᠠᠷ ᠳᠤᠭᠢᠷᠠᠵᠠᠢ ᠡᠨ ᠬᠨ ᠡᠨ ᠬᠨ ᠭᠦᠢ

 

ᠪᠠᠷᠠᠭᠤᠨ ᠴᠤ ᠭᠤᠤᠯ ᠤᠨ ᠪᠣᠷᠭᠠᠰᠤ ᠴᠢᠨᠢ ᠳ᠋ᠠ

ᠣᠷᠭᠤᠭᠰᠠᠨ ᠦᠭᠡᠶ ᠰᠤᠭᠤᠷᠠᠵᠠᠢ ᠡᠨ ᠬᠨ ᠡᠨ ᠬᠨ ᠭᠦᠢ

ᠪᠠᠭᠠᠬᠠᠨ ᠳᠦᠷᠦᠭ᠍ᠰᠡᠨ ᠣᠶᠤᠩᠭ᠋ᠤᠸ᠎ᠠ ᠯᠦᠩᠳᠠᠩ ᠢ

ᠳᠦᠷᠦᠭ᠍ᠰᠡᠨ ᠦᠭᠡᠶ ᠵᠢᠷᠤᠵᠠᠢ ᠡᠨ ᠬᠨ ᠡᠨ ᠬᠨ ᠭᠦᠢ

 

ᠵᠡᠭᠦᠨ ᠴᠤ ᠭᠤᠤᠯ ᠤᠨ ᠪᠣᠷᠭᠠᠰᠤ ᠴᠢᠨᠢ ᠳ᠋ᠠ

ᠣᠷᠭᠤᠭᠰᠠᠨ ᠦᠭᠡᠶ ᠰᠤᠭᠤᠷᠠᠵᠠᠢ ᠡᠨ ᠬᠨ ᠡᠨ ᠬᠨ ᠭᠦᠢ

ᠵᠣᠢ᠌ᠳᠠᠢ ᠳᠦᠷᠦᠭ᠍ᠰᠡᠨ ᠣᠶᠤᠩᠭ᠋ᠤᠸ᠎ᠠ ᠯᠦᠩᠳᠠᠩ ᠢ

ᠳᠦᠷᠦᠭ᠍ᠰᠡᠨ ᠦᠭᠡᠶ ᠵᠢᠷᠤᠵᠠᠢ ᠡᠨ ᠬᠨ ᠡᠨ ᠬᠨ ᠭᠦᠢ

 

ᠠᠪᠣ ᠶᠢᠨ ᠨᠤᠳᠤᠭ ᠶᠤᠯᠤᠠᠮᠤᠳᠤ ᠶᠢᠨ ᠠᠢ᠌ᠯ ᠳᠤ ᠪᠠᠨ

ᠠᠮᠤᠷ ᠰᠠᠭᠤ ᠳ᠋ᠠ ᠡᠨ ᠭᠡ ᠭᠡ ᠡᠨ ᠬᠨ ᠡᠨ ᠬᠨ ᠭᠦᠢ

ᠠᠩᠭ᠋᠎ᠠ ᠪᠠᠨ ᠨᠠᠮ᠎ᠠ ᠶᠢ ᠰᠠᠨᠠᠳᠠᠭ ᠪᠣᠯ

ᠠᠶᠠᠯᠠᠭᠠᠤᠨ ᠠᠶᠠᠯᠠᠭᠠᠤᠨ ᠭᠦᠷᠴᠤ ᠢᠷ᠎ᠠ ᠳ᠋ᠠ ᠡᠨ ᠬᠨ ᠡᠨ ᠬᠨ ᠭᠦᠢ

 

ᠡᠵᠢ ᠶᠢᠨ ᠨᠤᠳᠤᠭ ᠶᠤᠯᠤᠠᠮᠤᠳᠤ ᠶᠢᠨ ᠠᠢ᠌ᠯ ᠳᠤ ᠪᠠᠨ

ᠡᠩᠭᠡ ᠰᠠᠭᠤ ᠳ᠋ᠠ ᠡᠨ ᠭᠡ ᠭᠡ ᠡᠨ ᠬᠨ ᠡᠨ ᠬᠨ ᠭᠦᠢ

ᠦᠬᠢᠨ ᠳᠡᠭᠦᠤ ᠨᠠᠮ᠎ᠠ ᠶᠢ ᠪᠠᠨ ᠪᠣᠳᠤᠳᠠᠭ ᠪᠣᠯ

ᠡᠷᠭᠢᠨ ᠡᠷᠭᠢᠨ ᠭᠦᠷᠴᠤ ᠢᠷ᠎ᠠ ᠳ᠋ᠠ ᠡᠨ ᠬᠨ ᠡᠨ ᠬᠨ ᠭᠦᠢ

 

ᠬᠠᠭᠠᠷᠠᠰᠢ ᠦᠭᠡᠶ ᠬᠠᠰ ᠤᠨ ᠡᠷᠳᠡᠨᠢ ᠭᠡᠳᠡᠭ᠌

ᠬᠠᠭᠠᠨ ᠡᠵᠡᠨ ᠤ ᠳᠠᠮᠠᠭ᠎ᠠ ᠰᠢᠤ ᠡᠨ ᠬᠨ ᠡᠨ ᠬᠨ ᠭᠦᠢ

ᠬᠠᠮᠰᠠᠵᠤ ᠰᠠᠭᠤᠭᠠᠤᠨ ᠰᠠᠯᠬᠤ ᠳᠤᠷ᠎ᠠ ᠦᠭᠡᠶ ᠨᠢ

ᠬᠠᠢ᠌ᠷᠠᠭᠨ ᠬᠤᠶᠠᠷ ᠤᠨ ᠰᠡᠳᠭᠢᠯ ᠡ ᠡᠨ ᠬᠨ ᠡᠨ ᠬᠨ ᠭᠦᠢ

 

ᠡᠪᠳᠡᠷᠡᠰᠢ ᠦᠭᠡᠶ ᠡᠷᠳᠡᠨᠢ ᠬᠠᠰ ᠭᠡᠳᠡᠭ᠌

ᠡᠵᠡᠨ ᠤ ᠬᠠᠰ ᠤᠨ ᠳᠠᠮᠠᠭ᠎ᠠ ᠰᠢᠤ ᠡᠨ ᠬᠨ ᠡᠨ ᠬᠨ ᠭᠦᠢ

ᠢᠨᠢᠶᠠᠯᠴᠠᠨ ᠨᠠᠭᠠᠳᠤᠭᠠᠤᠨ ᠰᠠᠯᠬᠤ ᠳᠤᠷ᠎ᠠ ᠦᠭᠡᠶ ᠨᠢ

ᠡᠪᠯᠢᠭ᠌ ᠬᠤᠶᠠᠷ ᠤᠨ ᠰᠡᠳᠭᠢᠯ ᠡ ᠡᠨ ᠬᠨ ᠡᠨ ᠬᠨ ᠭᠦᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ