ᠦᠷ᠎ᠡ ᠮᠢᠨᠢ᠂ ᠬᠦᠦ ᠮᠢᠨᠢ

ᠳᠠᠭᠤᠴᠢᠨ᠄ ᠪᠦᠬᠦ ᠤᠳᠤᠳ
ᠦᠭᠡ᠄ ᠵ·ᠲᠦᠮᠡᠨᠵᠢᠷᠭᠠᠯ
ᠠᠶ᠎ᠠ᠄ ᠭᠡ᠊·ᠡᠩᠬᠡᠪᠠᠶᠠᠷ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠦᠭᠡᠯᠡᠳ ᠭᠠᠯᠳᠠᠨ ᠬᠠᠩᠭᠠᠪᠠ
ᠳᠠᠷᠤᠮ᠄ 15575
ᠴᠠᠭ᠄ 2007 ᠤᠨ ᠤ 05 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠵᠢᠪᠬᠤᠯᠠᠩ᠂ ᠪᠠᠶᠠᠰᠬᠤᠯᠠᠩ ᠳᠠᠭᠤᠯᠠᠪᠠ)

 

ᠢᠳᠡᠭᠡᠯ ᠰᠠᠢ᠌ᠳᠠᠢ ᠶᠢᠨ ᠦᠷ᠎ᠡ ᠪᠢᠯᠠ

ᠰᠡᠳᠭᠢᠯ ᠰᠠᠢ᠌ᠳᠠᠢ ᠶᠢᠨ ᠦᠷᠭᠦᠯᠵᠢᠯᠡᠯ ᠪᠢᠯᠠ

ᠡᠵᠢ ᠶᠢᠨ ᠬᠠᠢ᠌ᠷ᠎ᠠ ᠪᠠᠷ ᠴᠠᠩᠭ᠋᠎ᠠ ᠦᠭᠡᠶ ᠪᠢᠯᠠ

ᠡᠴᠢᠭᠡ ᠶᠢᠨ ᠨᠦᠮᠦᠷᠢ ᠪᠠᠷ ᠳᠤᠳᠠᠭ᠎ᠠ ᠦᠭᠡᠶ ᠪᠢᠯᠠ

ᠣᠳᠤᠮ ᠢ ᠮᠢᠨᠢ ᠪᠢᠳᠡᠭᠡᠢ ᠰᠠᠪᠳᠠᠭᠡᠷᠡᠢ ᠦᠷ᠎ᠡ ᠮᠢᠨᠢ

ᠣᠷᠮ᠎ᠠ ᠶᠢ ᠮᠢᠨᠢ ᠪᠢᠳᠡᠭᠡᠢ ᠬᠤᠭᠤᠯᠠᠭᠠᠷᠠᠢ ᠭᠦᠤ ᠮᠢᠨᠢ

ᠭᠦᠰᠡᠯ ᠤᠨ ᠵᠢᠯᠤᠭ᠎ᠠ ᠡᠷᠭᠦᠭᠡᠷᠡᠢ ᠦᠷ᠎ᠡ ᠮᠢᠨᠢ

ᠭᠦᠮᠤᠨ ᠤ ᠳᠠᠢ᠌ᠳᠠᠢ ᠶᠠᠪᠣᠭᠠᠷᠠᠢ ᠭᠦᠤ ᠮᠢᠨᠢ

 

ᠰᠠᠨᠠᠭ᠎ᠠ ᠰᠠᠢ᠌ᠳᠠᠢ ᠶᠢᠨ ᠦᠷ᠎ᠡ ᠪᠢᠯᠠ

ᠵᠠᠶᠠᠭ᠎ᠠ ᠰᠠᠢ᠌ᠳᠠᠢ ᠶᠢᠨ ᠦᠷᠭᠦᠯᠵᠢᠯᠡᠯ ᠪᠢᠯᠠ

ᠰᠠᠷᠠᠨ ᠤ ᠳᠤᠤᠷ᠎ᠠ ᠭᠠᠭᠴᠠᠭᠠᠷ ᠶᠢᠡᠨ ᠦᠭᠡᠶ ᠪᠢᠯᠠ

ᠨᠠᠷᠠᠨ ᠤ ᠳᠤᠤᠷ᠎ᠠ ᠭᠠᠭᠴᠠᠭᠠᠷᠳᠠᠭ᠎ᠠ ᠦᠭᠡᠶ ᠪᠢᠯᠠ

ᠣᠳᠤᠮ ᠢ ᠮᠢᠨᠢ ᠪᠢᠳᠡᠭᠡᠢ ᠰᠠᠪᠳᠠᠭᠡᠷᠡᠢ ᠦᠷ᠎ᠡ ᠮᠢᠨᠢ

ᠣᠷᠮ᠎ᠠ ᠶᠢ ᠮᠢᠨᠢ ᠪᠢᠳᠡᠭᠡᠢ ᠬᠤᠭᠤᠯᠠᠭᠠᠷᠠᠢ ᠭᠦᠤ ᠮᠢᠨᠢ

ᠭᠦᠰᠡᠯ ᠤᠨ ᠵᠢᠯᠤᠭ᠎ᠠ ᠡᠷᠭᠦᠭᠡᠷᠡᠢ ᠦᠷ᠎ᠡ ᠮᠢᠨᠢ

ᠭᠦᠮᠤᠨ ᠤ ᠳᠠᠢ᠌ᠳᠠᠢ ᠶᠠᠪᠣᠭᠠᠷᠠᠢ ᠭᠦᠤ ᠮᠢᠨᠢ

 

ᠡᠭᠦᠳᠡ ᠰᠠᠢ᠌ᠳᠠᠢ ᠶᠢᠨ ᠣᠳᠤᠮ ᠪᠢᠯᠠ

ᠣᠢ᠌ᠯᠠᠰ ᠰᠠᠢ᠌ᠳᠠᠢ ᠶᠢᠨ ᠣᠭᠰᠠᠭ᠎ᠠ ᠪᠢᠯᠠ

ᠢᠷᠦᠭᠡᠯ ᠶᠢᠡᠷ᠂ ᠢᠪᠠᠭᠡᠯ ᠶᠢᠡᠷ ᠥᠰᠦᠭ᠍ᠰᠡᠨ ᠪᠢᠯᠠ

ᠶᠠᠭᠤ ᠪᠠᠷ ᠴᠤ᠂ ᠶᠠᠭᠤ ᠪᠠᠷ ᠴᠤ ᠳᠤᠳᠠᠭ᠎ᠠ ᠦᠭᠡᠶ ᠪᠢᠯᠠ

ᠣᠳᠤᠮ ᠢ ᠮᠢᠨᠢ ᠪᠢᠳᠡᠭᠡᠢ ᠰᠠᠪᠳᠠᠭᠡᠷᠡᠢ ᠦᠷ᠎ᠡ ᠮᠢᠨᠢ

ᠣᠷᠮ᠎ᠠ ᠶᠢ ᠮᠢᠨᠢ ᠪᠢᠳᠡᠭᠡᠢ ᠬᠤᠭᠤᠯᠠᠭᠠᠷᠠᠢ ᠭᠦᠤ ᠮᠢᠨᠢ

ᠢᠳᠡᠭᠡᠯ ᠢ ᠮᠢᠨᠢ ᠪᠣᠤ ᠠᠯᠳᠠᠭᠠᠷᠠᠢ ᠦᠷ᠎ᠡ ᠮᠢᠨᠢ

ᠡᠯᠢᠭᠡ ᠶᠢ ᠮᠢᠨᠢ ᠪᠣᠤ ᠡᠮᠳᠡᠯᠡᠭᠡᠷᠡᠢ ᠭᠦᠤ ᠮᠢᠨᠢ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁