ᠫᠠᠭᠮᠠᠳᠤᠯᠮ᠎ᠠ

ᠳᠠᠭᠤᠴᠢᠨ᠄ ᠫ᠊·ᠪᠠᠳᠠᠷᠴᠢ
ᠦᠭᠡ᠄ ᠫᠤᠨᠴᠤᠭ ᠤᠨ ᠪᠠᠳᠠᠷᠴᠢ
ᠴᠤᠮᠤᠭ ᠤᠨ ᠬᠠᠷᠢᠶ᠎ᠠ᠄ ᠶᠢᠰᠦᠨ ᠡᠷᠳᠡᠨᠢ ᠶᠢᠨ ᠤᠷᠤᠨ
ᠤᠷᠠᠯᠢᠭ ᠤᠨ ᠬᠤᠪᠢᠶᠠᠷᠢ᠄ ᠲᠤᠳᠤ ᠤᠩᠰᠢᠯᠭ᠎ᠠ
ᠳᠠᠷᠤᠮ᠄ 5337
ᠴᠠᠭ᠄ 2009 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ burgud

ᠬᠠᠢ᠌ᠷᠠᠯᠠᠮ᠎ᠠ ᠰᠠᠢ᠌ᠬᠠᠨ ᠵᠠᠯᠠᠭᠤ ᠨᠠᠰᠤᠨ ᠳᠠᠭᠠᠨ

ᠨᠠᠴᠤᠭᠳᠤᠷᠵᠢ ᠲᠡᠶ ᠮᠢᠨᠢ ᠣᠴᠠᠷᠠᠭᠰᠠᠨ

ᠬᠠᠷᠠᠭᠤᠰᠴᠤ ᠪᠠᠷᠠᠮ ᠦᠭᠡᠶ ᠬᠠᠢ᠌ᠷ᠎ᠠ ᠪᠠᠨ ᠥᠨᠦᠰᠦᠭᠦᠯᠵᠤ

ᠨᠠᠴᠤᠭᠳᠤᠷᠵᠢ ᠡᠴᠡ ᠮᠢᠨᠢ ᠬᠠᠭᠠᠴᠠᠭᠰᠠᠨ

ᠱᠠᠩᠵᠠ ᠶᠢᠨ ᠡᠭᠡᠰᠢᠭ᠌ ᠡᠴᠡ ᠳᠠᠰᠤᠷᠠᠭᠰᠠᠨ

ᠳᠤᠰᠤᠯ ᠬᠠᠷ᠎ᠠ ᠨᠢᠯᠪᠣᠰᠤ

ᠬᠠᠩᠵᠤᠨ ᠤ ᠬᠠᠯᠠᠭᠤᠨ ᠳᠤ ᠬᠠᠪᠴᠢᠭᠤᠯᠤᠭᠳᠠᠭᠰᠠᠨ

ᠰᠢᠷᠭᠡᠭ᠌ ᠴᠠᠭᠠᠨ ᠰᠤᠪᠣᠤᠨ

ᠠᠶᠠᠷᠬᠠᠨ ᠭᠦᠭᠡᠷᠦᠭᠦᠢ᠂ ᠠᠮᠠᠷᠠᠭᠬᠠᠨ ᠫᠠᠭᠮᠠᠳᠤᠯᠮ᠎ᠠ᠃

ᠭᠠᠯᠠᠭᠤᠳᠤ ᠶᠢᠨ ᠭᠦᠭᠡ ᠨᠠᠭᠤᠷ ᠲᠤ ᠴᠡᠩᠭᠡᠭᠡ ᠦᠭᠡᠶ

ᠠᠵᠠ ᠦᠭᠡᠶ ᠴᠠᠭᠠᠨ ᠬᠤᠨ ᠴᠢ

ᠭᠠᠯ ᠰᠢᠭ ᠨᠠᠢ᠌ᠷᠠᠭ ᠤᠨ ᠢᠯᠴᠢᠨ ᠳᠤ ᠴᠡᠴᠡᠭᠯᠡᠭᠡ ᠦᠭᠡᠶ

ᠣᠳᠤ ᠦᠭᠡᠶ ᠪᠣᠷᠤᠭᠠᠨ ᠯᠢᠩᠬᠤᠸ᠎ᠠ ᠴᠢ

ᠮᠥᠭᠦᠯ ᠤᠨ ᠬᠠᠷ᠎ᠠ ᠣᠷᠤᠰᠬᠠᠯ ᠳᠤ ᠣᠢ᠌ᠯᠤᠭᠰᠠᠨ ᠬᠠᠯᠪᠠᠭ᠎ᠠ ᠴᠠᠭᠠᠨ ᠰᠥ᠋ ᠴᠢ

ᠮᠥᠩᠭᠡ ᠶᠢᠨ ᠠᠷᠢᠭᠤᠨ ᠨᠠᠢ᠌ᠷᠠᠭ ᠲᠤ ᠣᠨᠠᠭᠰᠠᠨ ᠪᠠᠯᠭᠠᠬᠠᠨ ᠬᠠᠷ᠎ᠠ ᠣᠰᠤ ᠴᠢ

ᠠᠶᠠᠷᠬᠠᠨ ᠭᠦᠭᠡᠷᠦᠭᠦᠢ ᠳ᠋ᠠ ᠠᠮᠠᠷᠠᠭᠬᠠᠨ ᠫᠠᠭᠮᠠᠳᠤᠯᠮ᠎ᠠ᠃

ᠭᠡᠷᠭᠡᠢ ᠨᠢ ᠪᠣᠯᠵᠤ ᠨᠠᠴᠤᠭᠳᠤᠷᠵᠢ ᠶᠢᠨ ᠡᠮᠦᠨ᠎ᠡ ᠣᠴᠢᠭ᠎ᠠ ᠦᠭᠡᠶ

ᠭᠡᠮᠰᠢᠵᠤ ᠪᠠᠷᠠᠮ ᠦᠭᠡᠶ ᠡᠨᠡᠭᠡᠨ ᠬᠤᠪᠢ ᠴᠢᠨᠤᠭᠢ

ᠬᠤᠵᠢᠮ ᠤᠨ ᠭᠦᠮᠤᠨ ᠶᠢᠡᠷ ᠳᠤᠷᠠᠰᠬᠠᠭᠤᠯᠵᠤ ᠶᠠᠪᠣᠬᠤ

ᠬᠤᠪᠣᠷᠬᠠᠨ ᠵᠠᠶᠠᠭ᠎ᠠ ᠴᠤ ᠪᠠᠰᠠ ᠴᠢᠨᠤᠭᠢ

ᠠᠭ᠎ᠠ ᠨᠠᠴᠤᠭ ᠳᠠ ᠬᠤᠶᠠᠷ ᠤᠨ ᠠᠯᠢ ᠠᠯᠢᠨ ᠳᠤ ᠴᠢᠨᠢ

ᠠᠳᠠᠰᠬ᠎ᠠ ᠰᠢᠭ ᠠᠭᠠᠰᠢᠯᠠᠵᠤ ᠠᠯᠠᠭᠠᠨ ᠳᠡᠭᠡᠷ᠎ᠡ ᠴᠢᠨᠢ ᠠᠯᠠᠭ ᠵᠠᠶᠠᠭ᠎ᠠ ᠳᠠᠯᠪᠢᠭᠰᠠᠨ

ᠠᠷᠭ᠎ᠠ ᠶᠢᠨ ᠳᠤᠭᠠᠯᠠᠯ ᠤᠨ ᠳᠠᠷᠠ ᠵᠢᠯ ᠭᠡᠨ ᠤ ᠭᠢ ᠶᠤᠮ ᠪᠣᠢ ᠭᠡᠯᠡᠭᠡᠴᠢ

ᠠᠶᠠᠷᠬᠠᠨ ᠭᠦᠭᠡᠷᠦᠭᠦᠢ ᠠᠮᠠᠷᠠᠭᠬᠠᠨ ᠫᠠᠭᠮᠠᠳᠤᠯᠮ᠎ᠠ᠃

ᠠᠯᠠᠭᠬᠠᠨ ᠵᠢᠷᠦᠭᠡᠨ ᠳᠡᠭᠡᠨ ᠪᠢ ᠴᠢᠮᠢ᠋ᠢ ᠬᠠᠢ᠌ᠷᠠᠯᠠᠨᠠᠮ᠂ ᠬᠠᠷᠠᠭᠤᠰᠤᠨᠠᠮ᠃

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁