ᠢᠩᠭᠡᠨ ᠲᠡᠮᠡᠭᠡᠨ ᠦ ᠳᠠᠭᠤᠤ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠠᠮ ᠴᠤᠭᠯᠠᠷᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 26141
ᠴᠠᠭ᠄ 2006 ᠤᠨ ᠤ 09 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ

(Emotion ᠬᠠᠮᠲᠤᠯᠢᠭ ᠳᠠᠭᠤᠯᠠᠪᠠ)

 

ᠪᠣᠳᠤᠭᠤ ᠨᠢ ᠡ᠊ᠨᠳᠡᠭ᠍ᠰᠡᠨ ᠢᠩᠭᠡᠨ ᠳᠡᠮᠡᠭᠡ

ᠪᠣᠷᠤᠬᠠᠨ ᠳᠤᠯᠤᠭᠠᠤᠨ ᠢ ᠭᠠᠩᠬᠤᠳᠠᠯ᠎ᠠ ᠪᠣᠢ᠌ᠯᠠᠨ᠎ᠠ

ᠪᠣᠷᠪᠢ ᠪᠠᠨ ᠭᠦᠰᠢᠳᠡᠯ᠎ᠡ ᠠᠯᠤᠰ ᠢ ᠬᠠᠷᠠᠭᠤᠯᠳᠠᠭᠰᠠᠭᠠᠷ

ᠪᠣᠰᠤᠭ᠎ᠠ ᠰᠠᠯᠭᠢᠨ ᠳᠤ ᠭᠤᠷᠢᠳᠠᠩᠭ᠋ᠤᠢ ᠪᠣᠢ᠌ᠯᠠᠨ᠎ᠠ

        ᠡᠭᠡᠰᠢᠭ᠍ᠳᠤ ᠬᠠᠢ᠌ᠷᠴᠠᠭ ᠳᠠᠯᠪᠢᠭᠰᠠᠨ ᠡᠵᠢ ᠶᠢᠨ ᠮᠢᠨᠢ

        ᠡᠩᠭᠡᠷ ᠤᠨ ᠰᠢᠯᠪᠢ ᠶᠢ ᠳᠠᠰᠤᠷᠠᠳᠠᠯ᠎ᠠ ᠪᠣᠢ᠌ᠯᠠᠨ᠎ᠠ

        ᠡᠭᠡᠷᠡᠮ᠎ᠡ ᠭᠤᠪᠢ ᠳᠠᠭᠠᠨ ᠦᠰᠭᠡᠭ᠍ᠰᠡᠨ ᠡᠵᠡᠨ ᠤ ᠪᠠᠨ

        ᠡᠮᠡᠭᠡᠯ ᠤᠨ ᠪᠦᠭᠦᠷᠭᠡ ᠶᠢ ᠬᠠᠭᠠᠷᠠᠳᠠᠯ᠎ᠠ ᠪᠣᠢ᠌ᠯᠠᠨ᠎ᠠ

 

ᠪᠣᠳᠤᠭᠤ ᠨᠢ ᠡ᠊ᠨᠳᠡᠭ᠍ᠰᠡᠨ ᠢᠩᠭᠡᠨ ᠳᠡᠮᠡᠭᠡ

ᠪᠣᠷᠤᠬᠠᠨ ᠳᠤᠯᠤᠭᠠᠤᠨ ᠢ ᠭᠠᠩᠬᠤᠳᠠᠯ᠎ᠠ ᠪᠣᠢ᠌ᠯᠠᠨ᠎ᠠ

ᠦᠳᠡᠰᠢ ᠶᠢᠨ ᠪᠦᠷᠦᠩᠭᠢ ᠳᠤ ᠬᠠᠷᠠᠬᠤ ᠨᠢᠳᠤᠨ ᠡᠴᠡ ᠪᠠᠨ

ᠣᠢ᠌ᠯᠠ ᠶᠢᠨ ᠨᠢᠯᠪᠣᠰᠤ ᠪᠠᠨ ᠰᠢᠷᠭᠢᠳᠠᠯ᠎ᠠ ᠪᠣᠢ᠌ᠯᠠᠨ᠎ᠠ

        ᠡᠭᠡᠰᠢᠭ᠍ᠳᠤ ᠬᠠᠢ᠌ᠷᠴᠠᠭ ᠳᠠᠯᠪᠢᠭᠰᠠᠨ ᠡᠵᠢ ᠶᠢᠨ ᠮᠢᠨᠢ

        ᠡᠩᠭᠡᠷ ᠤᠨ ᠰᠢᠯᠪᠢ ᠶᠢ ᠳᠠᠰᠤᠷᠠᠳᠠᠯ᠎ᠠ ᠪᠣᠢ᠌ᠯᠠᠨ᠎ᠠ

        ᠡᠭᠡᠷᠡᠮ᠎ᠡ ᠭᠤᠪᠢ ᠳᠠᠭᠠᠨ ᠦᠰᠭᠡᠭ᠍ᠰᠡᠨ ᠡᠵᠡᠨ ᠤ ᠪᠠᠨ

        ᠡᠮᠡᠭᠡᠯ ᠤᠨ ᠪᠦᠭᠦᠷᠭᠡ ᠶᠢ ᠬᠠᠭᠠᠷᠠᠳᠠᠯ᠎ᠠ ᠪᠣᠢ᠌ᠯᠠᠨ᠎ᠠ

 

ᠪᠣᠳᠤᠭᠤ ᠨᠢ ᠡ᠊ᠨᠳᠡᠭ᠍ᠰᠡᠨ ᠢᠩᠭᠡᠨ ᠳᠡᠮᠡᠭᠡ

ᠪᠣᠷᠤᠬᠠᠨ ᠳᠤᠯᠤᠭᠠᠤᠨ ᠢ ᠭᠠᠩᠬᠤᠳᠠᠯ᠎ᠠ ᠪᠣᠢ᠌ᠯᠠᠨ᠎ᠠ

ᠰᠢᠮ᠎ᠠ ᠰᠢᠭ᠌ ᠴᠢᠨᠦᠷᠡᠭ᠍ᠰᠡᠨ ᠭᠦᠭᠦᠨ ᠡᠴᠡ ᠪᠠᠨ

ᠰᠢᠮ᠎ᠠ ᠶᠢᠨ ᠰᠦ᠋ ᠪᠠᠨ ᠵᠠᠳᠠᠷᠠᠳᠠᠯ᠎ᠠ ᠪᠣᠢ᠌ᠯᠠᠨ᠎ᠠ

        ᠡᠭᠡᠰᠢᠭ᠍ᠳᠤ ᠬᠠᠢ᠌ᠷᠴᠠᠭ ᠳᠠᠯᠪᠢᠭᠰᠠᠨ ᠡᠵᠢ ᠶᠢᠨ ᠮᠢᠨᠢ

        ᠡᠩᠭᠡᠷ ᠤᠨ ᠰᠢᠯᠪᠢ ᠶᠢ ᠳᠠᠰᠤᠷᠠᠳᠠᠯ᠎ᠠ ᠪᠣᠢ᠌ᠯᠠᠨ᠎ᠠ

        ᠡᠭᠡᠷᠡᠮ᠎ᠡ ᠭᠤᠪᠢ ᠳᠠᠭᠠᠨ ᠦᠰᠭᠡᠭ᠍ᠰᠡᠨ ᠡᠵᠡᠨ ᠤ ᠪᠠᠨ

        ᠡᠮᠡᠭᠡᠯ ᠤᠨ ᠪᠦᠭᠦᠷᠭᠡ ᠶᠢ ᠬᠠᠭᠠᠷᠠᠳᠠᠯ᠎ᠠ ᠪᠣᠢ᠌ᠯᠠᠨ᠎ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ