ᠠᠵᠠ ᠪᠤᠭᠳᠠ ᠶᠢᠨ ᠬᠠᠷᠠᠭᠤᠯ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠠᠮ ᠴᠤᠭᠯᠠᠷᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 16940
ᠴᠠᠭ᠄ 2009 ᠤᠨ ᠤ 07 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ

ᠠᠵᠠ ᠪᠣᠭᠳᠠ ᠶᠢᠨ ᠬᠠᠷᠠᠭᠤᠯ ᠮᠢᠨᠢ ᠡ ᠭᠦ᠋

ᠠᠮᠤᠭᠤᠯᠠᠩ ᠪᠣᠯᠤᠭᠠᠤᠨ ᠳᠠᠢ᠌ᠪᠣᠩ ᠳ᠋ᠠ

ᠠᠯᠪᠠᠨ ᠳᠤ ᠮᠤᠷᠳᠠᠭᠰᠠᠨ ᠭᠦᠤ ᠲᠠᠨᠢ ᠠᠪᠣ ᠮᠢᠨᠢ ᠳ᠋ᠠ ᠭᠦ᠋

ᠠᠮᠤᠷ ᠪᠣᠯᠤᠭᠠᠤᠨ ᠡᠰᠡᠨ ᠮᠠᠠᠳᠤ ᠳ᠋ᠠ

 

ᠪᠠᠷᠠᠭᠤᠨ ᠴᠢᠭᠢ ᠮᠢᠨᠢ ᠬᠠᠩᠭᠢᠨᠠᠭᠠᠤᠨ ᠪᠠᠢ᠌ᠬᠤ ᠴᠢᠨᠢ ᠭᠦ᠋

ᠪᠠᠭ᠎ᠠ ᠶᠢᠨ ᠨᠠᠢ᠌ᠵᠠ ᠮᠢᠨᠢ ᠳᠤᠷᠠᠰᠤᠭ᠎ᠠ ᠶᠤᠮ ᠪᠣᠯᠪᠠᠤ

ᠪᠠᠢ᠌ᠰᠠ ᠨᠤᠶᠠᠨ ᠤ ᠪᠣᠱᠤᠭ᠎ᠠ ᠨᠢ ᠦᠭᠡᠶ ᠴᠤ ᠪᠣᠯᠤᠭᠠᠰᠠᠢ

ᠪᠣᠷᠭᠠᠰᠤᠳᠤ ᠭᠤᠤᠯ ᠳᠠᠭᠠᠨ ᠳᠠᠭᠢᠨ ᠣᠴᠢᠬᠤ ᠰᠠᠨ

 

ᠵᠡᠭᠦᠨ ᠴᠢᠭᠢ ᠮᠢᠨᠢ ᠬᠠᠩᠭᠢᠨᠠᠭᠠᠤᠨ ᠪᠠᠢ᠌ᠬᠤ ᠴᠢᠨᠢ ᠭᠦ᠋

ᠵᠢᠷᠦᠭᠡᠨ ᠤ ᠠᠮᠠᠷᠠᠭ ᠮᠢᠨᠢ ᠰᠠᠨᠠᠭ᠎ᠠ ᠶᠤᠮ ᠪᠣᠯᠪᠠᠤ

ᠵᠠᠰᠠᠭ ᠨᠤᠶᠠᠨ ᠤ ᠳᠦᠩᠭᠡ ᠨᠢ ᠦᠭᠡᠶ ᠴᠤ ᠪᠣᠯᠤᠭᠠᠰᠠᠢ

ᠵᠠᠭᠤᠷᠠᠳᠤ ᠴᠤ ᠪᠣᠯᠳᠤᠭᠠᠢ ᠭᠦᠤ ᠪᠠᠨ ᠬᠠᠷᠠᠬᠤ ᠰᠠᠨ

 

ᠪᠦᠭᠡᠮ ᠪᠦᠭᠡᠮ ᠡᠭᠦᠯᠡ ᠨᠢ ᠡ ᠭᠦ᠋

ᠪᠣᠷᠤᠭᠠᠨ ᠣᠷᠤᠬᠤ ᠶᠢᠨ ᠰᠢᠠᠵᠢ ᠨᠢ ᠶᠤᠮ ᠦᠦ ᠳ᠋ᠠ

ᠪᠠᠢ᠌ᠨ ᠪᠠᠢ᠌ᠨ ᠳᠡᠭᠡᠳᠤ ᠵᠤᠪᠭᠢ ᠮᠢᠨᠢ ᠳᠠᠳᠠᠯᠤᠭᠠᠤᠨ ᠪᠠᠢ᠌ᠬᠤ ᠴᠢᠨᠢ ᠭᠦ᠋

ᠪᠣᠴᠠᠵᠤ ᠬᠠᠷᠢᠬᠤ ᠶᠢᠨ ᠰᠢᠠᠵᠢ ᠨᠢ ᠶᠤᠮ ᠦᠦ ᠳ᠋ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ