ᠵᠢᠨᠵᠤᠤᠷ

ᠳᠠᠭᠤᠴᠢᠨ᠄ ᠰᠠᠢ᠌ᠰᠢᠶᠠᠯᠲᠤ
ᠴᠤᠮᠤᠭ ᠤᠨ ᠬᠠᠷᠢᠶ᠎ᠠ᠄ ᠮᠤᠩᠭᠤᠯ ᠤᠨ ᠰᠠᠢ᠌ᠬᠠᠨ ᠤᠷᠤᠨ ᠮᠢᠨᠢ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠰᠠᠢ᠌ᠰᠢᠶᠠᠯᠲᠤ ᠬᠠᠩᠭᠠᠪᠠ
ᠳᠠᠷᠤᠮ᠄ 111
ᠴᠠᠭ᠄ 2018 ᠤᠨ ᠤ 08 ᠰᠠᠷ᠎ᠠ ᠶᠢᠨ 31
ᠨᠠᠢ᠌ᠷᠠᠭᠤᠯᠤᠭᠴᠢ᠄ burgud

ᠵᠢᠶᠠᠩᠰᠡᠨ ᠳᠠᠭᠠᠨ ᠲᠠᠷᠢ᠍ᠭᠰᠠᠨ ᠵᠠᠩᠰᠠᠯᠠᠢ ᠬᠤᠸᠠᠷ ᠢ ᠪᠠᠨ

ᠵᠠᠳ᠋ᠠᠷᠠᠭᠠᠳ ᠳᠡᠯᠭᠡᠷᠡᠬᠥ ᠶᠢ ᠨᠢ ᠬᠦᠯᠢᠶᠡᠶ᠎ᠡ ᠠ ᠬᠠ ᠬᠦᠢ

ᠵᠢᠶᠠᠩᠨᠠᠨ ᠳᠠᠭᠠᠨ ᠮᠤᠷᠳ᠋ᠠᠭᠰᠡᠨ ᠵᠢᠨᠵᠦᠣᠷ ᠭᠤᠯᠤᠤ ᠮᠢ᠍ᠨᠢ

ᠵᠢᠭᠡᠯᠡᠭᠡᠨ ᠳᠤ ᠢᠷᠡᠬᠥ ᠶᠢ ᠨᠢ ᠬᠦᠯᠢᠶᠠᠶ᠎ᠡ ᠬᠦᠢ

 

ᠬᠠᠰᠢ᠍ᠶᠠᠨ ᠳᠠᠭᠠᠨ ᠲᠠᠷᠢ᠍ᠭᠰᠠᠨ ᠬᠠᠢ᠌ᠲᠠᠩ ᠬᠤᠸᠠᠷ ᠢ ᠪᠠᠨ

ᠬᠠᠭᠠᠷᠠᠭᠠᠳ ᠳᠡᠯᠭᠡᠷᠡᠬᠥ ᠶᠢ ᠨᠢ ᠬᠦᠯᠢᠶᠠᠶ᠎ᠡ ᠠ ᠬᠠ ᠬᠦᠢ

ᠬᠠᠢ᠌ᠨᠠᠨ ᠳᠠᠭᠠᠨ ᠮᠤᠷᠳ᠋ᠠᠭᠰᠡᠨ ᠵᠢᠨᠵᠦᠣᠷ ᠭᠤᠯᠤᠤ ᠮᠢ᠍ᠨᠢ

ᠬᠠᠷᠢ᠍ᠶᠠᠭᠠᠳ ᠢᠷᠡᠬᠥ ᠶᠢ ᠨᠢ ᠬᠦᠯᠢᠶᠠᠶ᠎ᠡ ᠬᠦᠢ

 

ᠵᠤᠢ᠌ᠲᠠᠢ ᠵᠢᠨᠵᠦᠣᠷ ᠤᠨ ᠮᠢ᠍ᠨᠢ ᠤᠶᠤᠭᠠᠳ ᠦᠭ᠍ᠬᠦᠭ᠍ᠰᠡᠨ ᠬᠠᠨᠳ᠋ᠠᠭᠠᠰᠤ

ᠵᠤᠨ ᠤ ᠨᠠᠷᠠᠨ ᠳᠠᠭᠠᠨ ᠨᠡᠪᠳ᠋ᠡᠷᠡᠬᠥ ᠦᠭᠡᠶ ᠠ ᠬᠠ ᠬᠦᠢ

ᠵᠢᠨᠲᠦᠦ ᠶᠢᠨ ᠶᠢᠡᠨ ᠬᠠᠵᠠᠭᠤ ᠳᠠᠭᠠᠨ ᠲᠠᠯᠪᠢᠭᠠᠳ ᠤᠨᠳ᠋ᠠᠬᠤ ᠶᠢᠨ ᠥᠶ᠎ᠠ ᠳᠤ

ᠵᠡᠭᠥᠳ᠋ᠦᠨ ᠳᠤ ᠤᠷᠤᠮᠤᠷ ᠬᠠᠨᠳ᠋ᠠᠭᠠᠰᠤ ᠬᠦᠢ

 

ᠬᠠᠢ᠌ᠷᠠᠲᠠᠢ ᠵᠢᠨᠵᠦᠣᠷ ᠤᠨ ᠮᠢ᠍ᠨᠢ ᠤᠶᠤᠭᠠᠳ ᠦᠭ᠍ᠬᠦᠭ᠍ᠰᠡᠨ ᠬᠠᠨᠳ᠋ᠠᠰᠤ

ᠬᠠᠪᠤᠷ ᠤᠨ ᠨᠠᠷᠠᠨ ᠳᠠᠭᠠᠨ ᠨᠡᠪᠳ᠋ᠡᠷᠡᠬᠥ ᠦᠭᠡᠶ ᠠ ᠬᠠ ᠬᠦᠢ

ᠬᠠᠵᠠᠭᠤ ᠳᠠᠭᠠᠨ ᠲᠠᠯᠪᠢᠭᠠᠳ ᠤᠨᠳ᠋ᠠᠬᠤ ᠶᠢᠨ ᠥᠶ᠎ᠠ ᠳᠤ

ᠬᠠᠨᠢ ᠴᠤ ᠪᠤᠯᠤᠮᠠᠷ ᠬᠠᠨᠳ᠋ᠠᠭᠠᠰᠤ ᠬᠦᠢ

ᠬᠠᠵᠠᠭᠤ ᠳᠠᠭᠠᠨ ᠲᠠᠯᠪᠢᠭᠠᠳ ᠤᠨᠳ᠋ᠠᠬᠤ ᠶᠢᠡᠨ ᠥᠶ᠎ᠠ ᠳᠤ

ᠬᠠᠨᠢ ᠴᠤ ᠪᠤᠯᠤᠮᠠᠷ ᠬᠠᠨᠳ᠋ᠠᠭᠠᠰᠤ ᠬᠦᠢ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁