ᠰᠠᠨᠠᠬᠤ ᠦᠭᠡᠢ ᠯᠡ ᠭᠡᠰᠡᠨ ᠶᠤᠮ ᠡ

ᠳᠠᠭᠤᠴᠢᠨ᠄ ᠪ᠊·ᠪᠤᠶᠠᠨᠵᠢᠷᠭᠠᠯ
ᠦᠭᠡ᠄ ᠴ·ᠮᠢᠨᠵᠢᠨ
ᠠᠶ᠎ᠠ᠄ ᠪ᠊·ᠫᠦᠷᠪᠦᠰᠦ᠋ᠷᠦᠩ
ᠴᠤᠮᠤᠭ ᠤᠨ ᠬᠠᠷᠢᠶ᠎ᠠ᠄ ᠪᠤᠶᠠᠨᠵᠢᠷᠭᠠᠯ EP
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 46327
ᠴᠠᠭ᠄ 2009 ᠤᠨ ᠤ 06 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠰᠠᠨᠠᠬᠤ ᠦᠭᠡᠶ ᠯᠠ ᠭᠡᠰᠡᠨ ᠶᠤᠮ ᠡ ᠴᠢᠮᠢ᠋ᠢ ᠪᠢ

ᠰᠠᠮ ᠰᠡᠮᠭᠡᠨ ᠵᠡᠭᠦᠳᠤᠨ ᠳᠤ ᠮᠢᠨᠢ ᠢᠷᠡᠭᠦ ᠶᠤᠮ ᠡ

ᠰᠡᠳᠭᠢᠯ ᠶᠢᠡᠨ ᠪᠢ ᠵᠠᠭᠢᠷᠴᠤ ᠳᠡᠢ᠌ᠯᠭᠦ ᠦᠭᠡᠢ

ᠰᠠᠢ᠌ᠬᠠᠨ ᠳᠦᠷᠢ ᠴᠢᠨᠢ ᠬᠠᠷᠠᠭᠳᠠᠭᠠᠤᠨ ᠪᠣᠯᠬᠤ ᠦᠭᠡᠶ ᠨᠢ ᠡ

    ᠬᠠᠢ᠌ᠷᠠᠯᠠᠬᠤ ᠦᠭᠡᠶ ᠯᠠ ᠭᠡᠰᠡᠨ ᠶᠤᠮ ᠡ ᠴᠢᠮᠢ᠋ᠢ ᠪᠢ

    ᠬᠠᠷᠠᠩᠭ᠋ᠤᠢ ᠰᠦᠨᠢ ᠪᠠᠷ ᠵᠡᠭᠦᠳᠤᠨ ᠳᠤ ᠴᠦ ᠢᠷᠡᠭᠦ ᠶᠤᠮ ᠡ

    ᠬᠠᠷᠠᠴᠠ ᠶᠢ ᠴᠢᠨᠢ ᠨᠢᠭᠤᠵᠤ ᠴᠢᠳᠠᠬᠤ ᠦᠭᠡᠶ ᠨᠢ

    ᠬᠤᠩᠭ᠋ᠤᠷ ᠴᠢ ᠮᠢᠨᠢ ᠮᠢᠰᠢᠶᠡᠭᠡᠳ ᠪᠣᠯᠬᠤ ᠦᠭᠡᠶ ᠳ᠋ᠠ

 

ᠪᠣᠳᠤᠬᠤ ᠦᠭᠡᠶ ᠯᠠ ᠭᠡᠰᠡᠨ ᠶᠤᠮ ᠡ ᠴᠢᠮᠢ᠋ᠢ ᠪᠢ

ᠪᠦᠳᠤᠨ ᠰᠦᠨᠢ ᠵᠡᠭᠦᠳᠤᠨ ᠳᠤ ᠮᠢᠨᠢ ᠢᠷᠡᠭᠦ ᠶᠤᠮ ᠡ

ᠪᠣᠳᠤᠯ ᠶᠢᠡᠨ ᠪᠢ ᠵᠠᠭᠢᠷᠴᠤ ᠳᠡᠢ᠌ᠯᠭᠦ ᠦᠭᠡᠶ

ᠪᠣᠷᠤᠬᠠᠨ ᠴᠢᠷᠠᠢ ᠴᠢᠨᠢ ᠬᠠᠷᠠᠭᠳᠠᠭᠠᠤᠨ ᠪᠣᠯᠬᠤ ᠦᠭᠡᠶ ᠳ᠋ᠠ

    ᠬᠠᠢ᠌ᠷᠠᠯᠠᠬᠤ ᠦᠭᠡᠶ ᠯᠠ ᠭᠡᠰᠡᠨ ᠶᠤᠮ ᠡ ᠴᠢᠮᠢ᠋ᠢ ᠪᠢ

    ᠬᠠᠷᠠᠩᠭ᠋ᠤᠢ ᠰᠦᠨᠢ ᠪᠠᠷ ᠵᠡᠭᠦᠳᠤᠨ ᠳᠤ ᠴᠦ ᠢᠷᠡᠭᠦ ᠶᠤᠮ ᠡ

    ᠬᠠᠷᠠᠴᠠ ᠶᠢ ᠴᠢᠨᠢ ᠨᠢᠭᠤᠵᠤ ᠴᠢᠳᠠᠬᠤ ᠦᠭᠡᠶ ᠨᠢ

    ᠬᠤᠩᠭ᠋ᠤᠷ ᠴᠢ ᠮᠢᠨᠢ ᠮᠢᠰᠢᠶᠡᠭᠡᠳ ᠪᠣᠯᠬᠤ ᠦᠭᠡᠶ ᠳ᠋ᠠ

 

ᠳᠤᠷᠠᠯᠠᠬᠤ ᠦᠭᠡᠶ ᠯᠠ ᠭᠡᠰᠡᠨ ᠶᠤᠮ ᠡ ᠴᠢᠮ᠎ᠠ ᠳᠠᠭᠠᠨ ᠪᠢ

ᠳᠦᠭᠦᠷᠡᠩ ᠰᠠᠷᠠ ᠲᠡᠶ ᠯᠠ ᠵᠡᠭᠦᠳᠤᠨ ᠳᠤ ᠮᠢᠨᠢ ᠢᠷᠡᠭᠦ ᠶᠤᠮ ᠡ

ᠳᠤᠷᠠᠯᠠᠯ ᠶᠢᠡᠨ ᠪᠢ ᠵᠠᠭᠢᠷᠴᠤ ᠳᠡᠢ᠌ᠯᠭᠦ ᠦᠭᠡᠶ

ᠳᠤᠭᠳᠤᠯᠬᠤ ᠵᠢᠷᠦᠭᠡ ᠮᠢᠨᠢ ᠳᠡᠩᠰᠡᠯᠡᠭᠡᠳ ᠪᠣᠯᠬᠤ ᠦᠭᠡᠶ ᠨᠢ ᠡ

    ᠬᠠᠢ᠌ᠷᠠᠯᠠᠬᠤ ᠦᠭᠡᠶ ᠯᠠ ᠭᠡᠰᠡᠨ ᠶᠤᠮ ᠡ ᠴᠢᠮᠢ᠋ᠢ ᠪᠢ

    ᠬᠠᠷᠠᠩᠭ᠋ᠤᠢ ᠰᠦᠨᠢ ᠪᠠᠷ ᠵᠡᠭᠦᠳᠤᠨ ᠳᠤ ᠴᠦ ᠢᠷᠡᠭᠦ ᠶᠤᠮ ᠡ

    ᠬᠠᠷᠠᠴᠠ ᠶᠢ ᠴᠢᠨᠢ ᠨᠢᠭᠤᠵᠤ ᠴᠢᠳᠠᠬᠤ ᠦᠭᠡᠶ ᠨᠢ

    ᠬᠤᠩᠭ᠋ᠤᠷ ᠴᠢ ᠮᠢᠨᠢ ᠮᠢᠰᠢᠶᠡᠭᠡᠳ ᠪᠣᠯᠬᠤ ᠦᠭᠡᠶ ᠳ᠋ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ