ᠮᠡᠷᠡᠯ ᠪᠠᠭᠤᠭᠰᠠᠨ ᠰᠦᠨᠢ

ᠳᠠᠭᠤᠴᠢᠨ᠄ ᠪᠦᠬᠦ ᠤᠳᠤᠳ
ᠦᠭᠡ᠄ ᠯ·ᠭᠠᠩᠵᠤᠯᠠ
ᠠᠶ᠎ᠠ᠄ ᠴ·ᠡᠷᠳᠡᠨᠢᠪᠠᠲᠤ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 13057
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ

(ᠬᠡᠰᠢᠭᠪᠠᠶᠠᠷ᠂ ᠳᠡᠯᠭᠡᠷᠮ᠎ᠠ ᠳᠠᠭᠤᠯᠠᠪᠠ)

 

ᠪᠣᠳᠤᠯ ᠪᠣᠳᠤᠯ ᠤᠨ ᠮᠥᠩᠭᠦᠨ ᠰᠤᠪᠣᠷᠭ᠎ᠠ ᠶᠢ

ᠪᠣᠳᠤᠭᠤᠨ ᠨᠢᠳᠤᠨ ᠴᠢ ᠮᠢᠨᠢ ᠡᠵᠡᠮᠳᠡᠭ᠍ᠰᠡᠨ

ᠪᠣᠷᠬᠠᠨ ᠤ ᠭᠡᠮᠡᠷ ᠭᠡᠭᠡᠭᠡᠨ ᠴᠠᠭ ᠤᠨ

ᠪᠣᠯᠤᠷᠬᠠᠨ ᠦᠵᠡᠮᠵᠢ ᠶᠢ ᠶᠠᠭᠠᠭᠢᠵᠤ ᠯᠠ ᠵᠢᠷᠤᠬᠤ ᠪᠣᠢ

ᠨᠠᠪᠴᠢ ᠨᠠᠪᠴᠢᠰ ᠤᠨ ᠠᠯᠳᠠᠨ ᠭᠡᠯᠪᠠᠷᠢ ᠶᠢ

ᠨᠠᠮᠤᠷ ᠣᠷᠤᠢ ᠶᠢᠨ ᠰᠠᠷᠠᠨ ᠳᠤᠳᠤᠷᠠᠭᠤᠯᠤᠭᠰᠠᠨ

ᠥᠯᠢᠭᠡᠷ ᠤᠨ ᠶᠤᠮ ᠰᠢᠭ ᠭᠠᠩᠭ᠋ᠠᠨ ᠰᠦᠨᠢ ᠪᠠᠷ ᠴᠤ

ᠦᠯᠡᠮᠵᠢ ᠶᠢᠨ ᠬᠠᠢ᠌ᠷ᠎ᠠ ᠲᠡᠶ ᠴᠢᠮᠢ᠋ᠢ ᠪᠠᠨ ᠥᠭᠡᠢ᠌ᠯᠡᠳᠡᠭ᠌ ᠡ

    ᠳᠦᠷᠢᠯᠡᠩ ᠭᠦᠭᠡᠷᠦᠭᠦᠨ ᠨᠢᠳᠤᠨ ᠤ ᠴᠢᠨᠢ ᠳᠡᠷᠭᠡᠳᠡ

    ᠳᠦᠭᠦᠷᠡᠩ ᠳᠡᠷᠭᠡᠯ ᠰᠠᠷᠠᠨ ᠴᠤ ᠪᠦᠳᠡᠭᠢᠭᠡᠨ

    ᠲ᠋ᠤᠷᠳᠤᠩ ᠰᠢᠷᠭᠠᠯ ᠨᠠᠮᠤᠷ ᠶᠢᠡᠷ ᠢᠷᠡᠭ᠍ᠰᠡᠨ

    ᠲ᠋ᠠᠭᠤᠰᠤᠰᠢ ᠦᠭᠡᠶ ᠬᠠᠭᠤᠴᠢᠷᠠᠰᠢ ᠦᠭᠡᠶ ᠬᠠᠢ᠌ᠷ᠎ᠠ ᠮᠢᠨᠢ᠃

 

ᠰᠤᠷᠮᠤᠤᠰᠤ ᠳᠡᠪᠢᠭᠦ ᠶᠢᠨ ᠳᠡᠭᠦᠯᠳᠡᠷ ᠴᠢᠯᠦᠭᠡᠨ᠎ᠡ

ᠰᠠᠷᠠᠭᠤᠯ ᠴᠠᠭ ᠤᠨ ᠥᠩᠭᠡ ᠨᠢ ᠳᠤᠶᠠᠭᠠᠷᠠᠭᠰᠠᠨ

ᠳᠤᠮᠤᠭ ᠤᠨ ᠶᠤᠮ ᠰᠢᠭ ᠡᠨᠡ ᠯᠠ ᠰᠦᠨᠢ ᠪᠠᠷ

ᠳᠤᠳᠤᠨᠤᠰᠬᠤ ᠰᠡᠳᠭᠢᠯ ᠶᠢᠡᠨ ᠶᠠᠭᠠᠭᠢᠵᠤ ᠯᠠ ᠪᠠᠷᠢᠬᠤ ᠪᠣᠢ

    ᠳᠦᠷᠢᠯᠡᠩ ᠭᠦᠭᠡᠷᠦᠭᠦᠨ ᠨᠢᠳᠤᠨ ᠤ ᠴᠢᠨᠢ ᠳᠡᠷᠭᠡᠳᠡ

    ᠳᠦᠭᠦᠷᠡᠩ ᠳᠡᠷᠭᠡᠯ ᠰᠠᠷᠠᠨ ᠴᠤ ᠪᠦᠳᠡᠭᠢᠭᠡᠨ

    ᠲ᠋ᠤᠷᠳᠤᠩ ᠰᠢᠷᠭᠠᠯ ᠨᠠᠮᠤᠷ ᠶᠢᠡᠷ ᠢᠷᠡᠭ᠍ᠰᠡᠨ

    ᠲ᠋ᠠᠭᠤᠰᠤᠰᠢ ᠦᠭᠡᠶ ᠬᠠᠭᠤᠴᠢᠷᠠᠰᠢ ᠦᠭᠡᠶ ᠬᠠᠢ᠌ᠷ᠎ᠠ ᠮᠢᠨᠢ᠃

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ