ᠳᠠᠶᠠ ᠪᠦᠭᠡᠷ᠎ᠡ

ᠤᠷᠠᠯᠢᠭᠴᠢᠨ᠄ ᠭᠡᠭᠡᠨᠵᠤᠯᠠ

ᠦᠭᠡ᠄

ᠠᠶ᠎ᠠ᠄

ᠴᠤᠮᠤᠭ ᠤᠨ ᠬᠠᠷᠢᠶ᠎ᠠ᠄ ᠵᠠᠶᠠᠭᠠᠨ ᠤ ᠬᠠᠢ᠌ᠷᠠᠲᠤ

ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ

ᠢᠷᠡᠯᠲᠡ᠄ ᠭᠡᠭᠡᠨᠵᠤᠯᠠ

ᠴᠠᠭ᠄ 2015 ᠤᠨ ᠤ 11 ᠰᠠᠷ᠎ᠠ ᠶᠢᠨ 14

ᠳᠠᠷᠤᠮ᠄ 10156

ᠠᠯᠲᠠᠨ ᠬᠢᠩᠭ᠋ᠠᠨ ᠠᠭᠤᠯᠠᠨ ᠤ ᠳᠡᠭᠡᠷ᠎ᠡ ᠨᠢ

ᠠᠯᠬᠤᠭᠠᠳ ᠭᠠᠷᠤᠭᠠᠳ ᠦᠵᠡᠬᠦᠯᠡᠷ

ᠠᠪᠤ ᠶᠢᠨ ᠨᠤᠲᠤᠭ ᠮᠤᠩᠭ᠋ᠤᠯᠵᠢᠨ ᠬᠤᠰᠢᠭᠤ

ᠦᠵᠡᠭᠳᠡᠵᠦ ᠪᠠᠢ᠌ᠮᠠᠷ ᠰᠠᠨᠠᠭᠳᠠᠨ᠎ᠠ

 

ᠠᠯᠲᠠᠨ ᠬᠢᠩᠭ᠋ᠠᠨ ᠠᠭᠤᠯᠠᠨ ᠤ ᠳᠡᠭᠡᠷ᠎ᠡ ᠡᠴᠡ

ᠠᠯᠬᠤᠭᠠᠳ ᠪᠠᠭᠤᠭᠠᠳ ᠢᠷᠡᠬᠦᠯᠡᠷ

ᠠᠷᠪᠠᠨ ᠨᠠᠰᠤᠲᠠᠢ ᠳᠠᠶᠠ ᠪᠦᠭᠡᠷ᠎ᠡ ᠨᠢ

ᠤᠬᠢᠯᠠᠵᠤ ᠪᠠᠢ᠌ᠮᠠᠷ ᠰᠠᠨᠠᠭᠳᠠᠨ᠎ᠠ

 

ᠡᠷᠳᠡᠨᠢ ᠬᠢᠩᠭ᠋ᠠᠨ ᠠᠭᠤᠯᠠᠨ ᠤ ᠳᠡᠭᠡᠷ᠎ᠡ ᠨᠢ

ᠡᠷᠭᠢᠭᠡᠳ ᠭᠠᠷᠤᠭᠠᠳ ᠦᠵᠡᠬᠦᠯᠡᠷ

ᠡᠵᠢ ᠶᠢᠨ ᠨᠤᠲᠤᠭ ᠮᠤᠩᠭ᠋ᠤᠯᠵᠢᠨ ᠬᠤᠰᠢᠭᠤ

ᠦᠵᠡᠭᠳᠡᠵᠦ ᠪᠠᠢ᠌ᠮᠠᠷ ᠰᠠᠨᠠᠭᠳᠠᠨ᠎ᠠ

 

ᠡᠷᠳᠡᠨᠢ ᠬᠢᠩᠭ᠋ᠠᠨ ᠠᠭᠤᠯᠠᠨ ᠤ ᠳᠡᠭᠡᠷ᠎ᠡ ᠡᠴᠡ

ᠡᠷᠭᠢᠭᠡᠳ ᠪᠠᠭᠤᠭᠠᠳ ᠢᠷᠡᠬᠦᠯᠡᠷ

ᠶᠢᠰᠦᠨ ᠨᠠᠰᠤᠲᠠᠢ ᠳᠠᠶᠠ ᠪᠦᠭᠡᠷ᠎ᠡ ᠨᠢ

ᠤᠬᠢᠯᠠᠵᠤ ᠪᠠᠢ᠌ᠮᠠᠷ ᠰᠠᠨᠠᠭᠳᠠᠨ᠎ᠠ