ᠬᠦᠨᠳᠦᠷᠡᠢ

ᠳᠠᠭᠤᠴᠢᠨ᠄ ᠭᠡᠭᠡᠨᠵᠤᠯᠠ
ᠴᠤᠮᠤᠭ ᠤᠨ ᠬᠠᠷᠢᠶ᠎ᠠ᠄ ᠵᠠᠶᠠᠭᠠᠨ ᠤ ᠬᠠᠢ᠌ᠷᠠᠲᠤ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠭᠡᠭᠡᠨᠵᠤᠯᠠ
ᠳᠠᠷᠤᠮ᠄ 15723
ᠴᠠᠭ᠄ 2015 ᠤᠨ ᠤ 11 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ

ᠠᠷᠤ ᠪᠠᠷ ᠭᠠᠷᠬᠤ ᠵᠠᠮ ᠨᠢ

ᠠᠷᠪᠠᠨ ᠬᠤᠶᠠᠷ ᠰᠠᠯᠠᠭ᠎ᠠ ᠲᠠᠢ

ᠠᠯᠤᠰ ᠤᠨ ᠬᠤᠰᠢᠭᠤᠨ ᠥ ᠬᠦᠨᠳᠦᠷᠡᠢ

ᠠᠷᠪᠠ ᠯᠠ ᠬᠤᠨᠤᠭ ᠲᠤ ᠪᠠᠨ ᠡᠷᠭᠢᠭᠡᠰᠡᠢ

 

ᠬᠤᠢᠭᠤᠷ ᠭᠠᠷᠬᠤ ᠵᠠᠮ ᠨᠢ

ᠬᠤᠷᠢᠨ ᠬᠤᠶᠠᠷ ᠰᠠᠯᠠᠭ᠎ᠠ ᠲᠠᠢ

ᠬᠤᠢ᠌ᠲᠤ ᠬᠤᠰᠢᠭᠤᠨ ᠤ ᠬᠦᠨᠳᠦᠷᠡᠢ

ᠬᠤᠷᠢ ᠯᠠ ᠬᠤᠨᠤᠭ ᠲᠤ ᠪᠠᠨ ᠡᠷᠬᠢᠭᠡᠰᠡᠢ

 

ᠭᠠᠷᠬᠠᠨ ᠮᠦᠩᠭᠦᠨ ᠬᠠᠵᠠᠭᠠᠷ ᠨᠢ

ᠭᠠᠩᠭ᠋ᠠᠩ ᠬᠡᠭᠡᠷ ᠤᠨ ᠲᠤᠯᠤᠭᠠᠢ ᠳᠡᠭᠡᠷ᠎ᠡ

ᠭᠠᠩᠰᠠᠷᠠᠵᠤ ᠶᠠᠪᠤᠭ᠎ᠠ ᠰᠡᠳᠬᠢᠯ ᠢ ᠨᠢ

ᠭᠤᠶᠤᠬᠠᠨ ᠬᠦᠨᠳᠦᠷᠡᠢ ᠳᠠᠷᠤᠳᠠᠭ ᠶᠤᠮ

 

ᠰᠡᠭᠰᠡᠢ᠌ᠵᠤ ᠪᠠᠢ᠌ᠭ᠎ᠠ ᠭᠡᠵᠢᠭᠡ ᠶᠢ ᠨᠢ

ᠰᠠᠮ ᠯᠠ ᠱᠦᠭᠦᠷ ᠶᠢᠠᠷ ᠶᠢᠠᠨ ᠳᠠᠷᠤᠳᠠᠭ ᠶᠤᠮ

ᠰᠠᠨᠠᠭᠠᠷᠬᠠᠵᠤ ᠪᠠᠢ᠌ᠭ᠎ᠠ ᠰᠡᠳᠬᠢᠯ ᠢ ᠨᠢ

ᠰᠠᠢ᠌ᠬᠠᠨ ᠬᠦᠨᠳᠦᠷᠡᠢ ᠳᠠᠷᠤᠳᠠᠭ ᠶᠤᠮ

 

ᠨᠠᠭᠠᠨ᠎ᠠ ᠴᠠᠭᠠᠨ᠎ᠠ ᠪᠠᠨ ᠨᠠᠷᠠᠰᠤ ᠲᠠᠢ

ᠨᠠᠷᠠᠬᠠᠨ ᠦᠨᠳᠦᠷ ᠬᠠᠨ ᠠᠭᠤᠯᠠ

ᠨᠠᠭᠠᠳᠴᠤ ᠶᠠᠪᠤᠭᠰᠠᠨ ᠶᠢᠠᠨ ᠪᠤᠳᠤᠪᠠᠯ

ᠨᠠᠰᠤᠨ ᠲᠤᠷᠰᠢ ᠳᠠᠭᠠᠨ ᠪᠤᠤ ᠮᠠᠷᠲᠠ

 

ᠴᠠᠭᠠᠨ᠎ᠠ ᠨᠠᠭᠠᠨ᠎ᠠ ᠪᠠᠨ ᠴᠠᠷᠠᠰᠤ ᠲᠠᠢ

ᠴᠠᠰᠤᠲᠤ ᠦᠨᠳᠦᠷ ᠬᠠᠨ ᠠᠭᠤᠯᠠ

ᠴᠡᠩᠬᠡᠵᠦ ᠶᠠᠪᠤᠭᠰᠠᠨ ᠶᠢᠠᠨ ᠰᠠᠨᠠᠪᠠᠯ

ᠴᠠᠭᠠᠨ ᠪᠤᠭᠤᠷᠤᠯ ᠪᠤᠯᠲᠠᠯ᠎ᠠ ᠪᠠᠨ ᠪᠤᠤ ᠮᠠᠷᠲᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ