ᠬᠤᠩᠭᠤᠷ ᠮᠢᠨᠢ ᠬᠤᠶᠠᠭᠤᠯᠠ ᠪᠠᠨ

ᠳᠠᠭᠤᠴᠢᠨ᠄ ᠪᠦᠬᠦ ᠤᠳᠤᠳ
ᠦᠭᠡ᠄ ᠶ·ᠪᠠᠳᠮᠠᠰᠦ᠋ᠷᠦᠩ
ᠠᠶ᠎ᠠ᠄ ᠴ·ᠳᠠᠰᠢᠽᠡᠪᠡᠭ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 26392
ᠴᠠᠭ᠄ 2008 ᠤᠨ ᠤ 05 ᠰᠠᠷ᠎ᠠ ᠶᠢᠨ 30
ᠨᠠᠢ᠌ᠷᠠᠭᠤᠯᠤᠭᠴᠢ᠄ burgud
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠪᠠᠲᠤ᠊᠊ᠡᠷᠳᠡᠨᠢ᠂ ᠤᠶᠤᠮ᠎ᠠ ᠳᠠᠭᠤᠯᠠᠪᠠ)

 

ᠭᠦᠯᠢᠶᠡᠨ᠎ᠡ ᠪᠢ ᠴᠢᠮᠢ᠋ᠢ ᠪᠠᠨ

ᠭᠦᠰᠡᠯ ᠢ ᠠᠨᠠᠭᠠᠭᠰᠠᠨ ᠪᠣᠯᠵᠤᠭᠠᠨ ᠳᠠᠭᠠᠨ

ᠳᠦᠭᠦᠷᠢᠭ᠌ ᠨᠠᠷᠠ ᠲᠡᠶ ᠭᠦᠯᠢᠶᠡᠨ᠎ᠡ

ᠵᠢᠷᠭᠠᠨ᠎ᠠ ᠪᠢ ᠴᠢᠮ᠎ᠠ ᠲᠡᠶ ᠪᠠᠨ

ᠨᠢᠳᠤᠨ ᠨᠠᠭᠤᠷ ᠢ ᠪᠠᠶᠠᠰᠬᠠᠭᠰᠠᠨ

ᠬᠤᠤᠰ ᠬᠤᠨ ᠰᠢᠭ ᠵᠢᠷᠭᠠᠨ᠎ᠠ ᠳ᠋ᠠ

    ᠬᠤᠨ ᠴᠠᠩ ᠤᠨ ᠬᠠᠢ᠌ᠷ᠎ᠠ ᠮᠢᠨᠢ

    ᠬᠤᠭᠤᠷ ᠠᠷᠭᠠᠳᠠᠭᠰᠠᠨ ᠰᠡᠳᠭᠢᠯ ᠮᠢᠨᠢ

    ᠬᠤᠩᠭ᠋ᠤᠷ ᠮᠢᠨᠢ ᠬᠤᠶᠠᠭᠤᠯᠠ ᠪᠠᠨ

    ᠬᠤᠤᠰ ᠬᠤᠨ ᠰᠢᠭ ᠵᠢᠷᠭᠠᠶ᠎ᠠ ᠳ᠋ᠠ

 

ᠵᠡᠭᠦᠳᠦᠯᠡᠨ᠎ᠡ ᠪᠢ ᠴᠢᠮᠢ᠋ᠢ ᠪᠠᠨ

ᠵᠡᠭᠦᠳᠤᠨ ᠤ ᠮᠥᠩᠭᠦᠨ ᠳᠤᠯᠭᠢᠶᠠᠨ ᠳᠠᠭᠠᠨ

ᠰᠦᠪᠭᠢ ᠰᠠᠷᠠ ᠲᠡᠶ ᠵᠡᠭᠦᠳᠦᠯᠡᠨ᠎ᠡ

ᠴᠡᠩᠭᠡᠨ᠎ᠡ ᠪᠢ ᠴᠢᠮ᠎ᠠ ᠲᠡᠶ ᠪᠠᠨ

ᠴᠡᠴᠡᠭ᠍ᠳᠤ ᠨᠠᠭᠤᠷ ᠢ ᠪᠦᠵᠢᠭᠯᠡᠭᠦᠯᠦᠭ᠍ᠰᠡᠨ

ᠬᠤᠤᠰ ᠬᠤᠨ ᠰᠢᠭ ᠴᠡᠩᠭᠡᠨ᠎ᠡ ᠳ᠋ᠡ

    ᠬᠤᠨ ᠴᠠᠩ ᠤᠨ ᠬᠠᠢ᠌ᠷ᠎ᠠ ᠮᠢᠨᠢ

    ᠬᠤᠭᠤᠷ ᠠᠷᠭᠠᠳᠠᠭᠰᠠᠨ ᠰᠡᠳᠭᠢᠯ ᠮᠢᠨᠢ

    ᠬᠤᠩᠭ᠋ᠤᠷ ᠮᠢᠨᠢ ᠬᠤᠶᠠᠭᠤᠯᠠ ᠪᠠᠨ

    ᠬᠤᠤᠰ ᠬᠤᠨ ᠰᠢᠭ ᠵᠢᠷᠭᠠᠶ᠎ᠠ ᠳ᠋ᠠ

 

ᠬᠠᠢ᠌ᠷᠠᠯᠠᠨ᠎ᠠ ᠪᠢ ᠴᠢᠮᠢ᠋ᠢ ᠪᠠᠨ

ᠬᠠᠷᠠᠮ ᠦᠭᠡᠶ ᠵᠥᠭᠡᠯᠡᠨ ᠵᠠᠶᠠᠭᠠᠨ ᠳᠠᠭᠠᠨ

ᠦᠷ ᠤᠨ ᠳᠤᠶᠠᠭ᠎ᠠ ᠲᠡᠶ ᠬᠠᠢ᠌ᠷᠠᠯᠠᠨ᠎ᠠ

ᠬᠠᠨᠢ ᠮᠢᠨᠢ ᠪᠢ ᠴᠢᠮ᠎ᠠ ᠲᠡᠶ ᠪᠠᠨ

ᠬᠠᠢ᠌ᠷ᠎ᠠ ᠶᠢᠨ ᠵᠢᠷᠦᠭᠡ ᠶᠢ ᠪᠣᠯᠭᠢᠯᠠᠭᠤᠯᠤᠭᠰᠠᠨ

ᠦᠷᠭᠦᠯᠵᠢ ᠵᠠᠯᠠᠭᠤ ᠠᠮᠢᠳᠤᠷᠠᠨ᠎ᠠ

    ᠬᠤᠨ ᠴᠠᠩ ᠤᠨ ᠬᠠᠢ᠌ᠷ᠎ᠠ ᠮᠢᠨᠢ

    ᠬᠤᠭᠤᠷ ᠠᠷᠭᠠᠳᠠᠭᠰᠠᠨ ᠰᠡᠳᠭᠢᠯ ᠮᠢᠨᠢ

    ᠬᠤᠩᠭ᠋ᠤᠷ ᠮᠢᠨᠢ ᠬᠤᠶᠠᠭᠤᠯᠠ ᠪᠠᠨ

    ᠬᠤᠤᠰ ᠬᠤᠨ ᠰᠢᠭ ᠵᠢᠷᠭᠠᠶ᠎ᠠ ᠳ᠋ᠠ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁