ᠬᠠᠢᠷ᠎ᠠ ᠶᠢᠨ ᠮᠦᠰᠢᠶᠡᠯ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 19025
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ burgud

(ᠴᠢᠩᠪᠤᠯᠤᠷ᠂ ᠡᠩᠬᠡᠮᠡᠨᠳᠦ ᠳᠠᠭᠤᠯᠠᠪᠠ)

 

ᠳᠡᠯᠭᠡᠷ ᠬᠠᠪᠣᠷ ᠤᠨ ᠴᠡᠴᠡᠭ᠌ ᠰᠢᠭ᠌

ᠳᠠᠯᠪᠢ ᠪᠠᠨ ᠨᠡᠭᠡᠭᠡᠭᠡᠳ ᠮᠢᠰᠢᠶᠡᠭ᠍ᠰᠡᠨ

ᠣᠮᠤᠭᠯᠠᠩ ᠳᠠᠩᠭᠢᠯ ᠨᠠᠰᠤᠨ ᠤ ᠮᠢᠨᠢ

ᠣᠳᠤ ᠲᠡᠶ ᠭᠡᠭᠡᠨ ᠣᠴᠠᠷᠠᠯ ᠮᠢᠨᠢ

ᠮᠦᠷᠦᠭᠡᠳᠦᠯ ᠤᠨ ᠭᠡᠭᠡᠨ ᠨᠠᠰᠤᠨ ᠤ ᠪᠠᠨ

ᠮᠥᠩᠭᠡ ᠶᠢᠨ ᠬᠠᠢ᠌ᠷᠠᠨ ᠳᠤ ᠣᠶᠠᠷᠠᠨ᠎ᠠ

ᠬᠤᠩᠭ᠋ᠤᠷ ᠰᠡᠳᠭᠢᠯ ᠤᠨ ᠰᠢᠳᠦᠭᠡᠨ ᠴᠢ ᠮᠢᠨᠢ ᠡ

    ᠰᠡᠷᠭᠦᠯᠡᠩ ᠠᠯᠳᠠᠨ ᠬᠠᠷᠢᠶᠠᠴᠠᠢ

    ᠰᠡᠳᠭᠢᠯ ᠤᠨ ᠳᠡᠭ᠍ᠷᠢ ᠳᠤ ᠡᠷᠭᠡᠯᠡᠨ᠎ᠡ

    ᠬᠠᠪᠣᠷ ᠬᠠᠪᠣᠷ ᠤᠨ ᠴᠡᠴᠡᠭ᠌ ᠨᠢ ᠡ

    ᠬᠠᠢ᠌ᠷ᠎ᠠ ᠪᠠᠷ ᠮᠢᠰᠢᠶᠠᠵᠤ ᠳᠡᠯᠭᠡᠷᠡᠨ᠎ᠡ

 

ᠨᠠᠯᠠᠭᠠᠷ ᠬᠠᠪᠣᠷ ᠤᠨ ᠮᠤᠳᠤᠳ ᠰᠢᠭ

ᠨᠠᠭᠢᠶ᠎ᠠ ᠵᠠᠳᠠᠯᠤᠭᠠᠤᠨ ᠮᠢᠰᠢᠶᠡᠭ᠍ᠰᠡᠨ

ᠵᠤᠷᠢᠭ ᠶᠢᠡᠷ ᠵᠠᠯᠠᠭᠤ ᠨᠠᠰᠤᠨ ᠤ ᠮᠢᠨᠢ

ᠵᠤᠯ ᠲᠡᠶ ᠭᠡᠭᠡᠨ ᠣᠴᠠᠷᠠᠯ ᠮᠢᠨᠢ

ᠬᠠᠢ᠌ᠷ᠎ᠠ ᠶᠢᠨ ᠭᠡᠭᠡᠨ ᠠᠶᠠᠯᠭᠤᠨ ᠳᠠᠭᠠᠨ

ᠬᠠᠢ᠌ᠷᠠᠯᠠᠨ ᠣᠶᠠᠷᠠᠨ ᠳᠤᠭᠳᠤᠯᠤᠨ᠎ᠠ

ᠬᠠᠢ᠌ᠷᠠᠯᠠᠬᠤ ᠰᠡᠳᠭᠢᠯ ᠤᠨ ᠰᠢᠳᠦᠭᠡᠨ ᠴᠢ ᠮᠢᠨᠢ ᠡ

    ᠰᠡᠷᠭᠦᠯᠡᠩ ᠠᠯᠳᠠᠨ ᠬᠠᠷᠢᠶᠠᠴᠠᠢ

    ᠰᠡᠳᠭᠢᠯ ᠤᠨ ᠳᠡᠭ᠍ᠷᠢ ᠳᠤ ᠡᠷᠭᠡᠯᠡᠨ᠎ᠡ

    ᠬᠠᠪᠣᠷ ᠬᠠᠪᠣᠷ ᠤᠨ ᠴᠡᠴᠡᠭ᠌ ᠨᠢ ᠡ

    ᠬᠠᠢ᠌ᠷ᠎ᠠ ᠪᠠᠷ ᠮᠢᠰᠢᠶᠠᠵᠤ ᠳᠡᠯᠭᠡᠷᠡᠨ᠎ᠡ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁