ᠭᠠᠭᠴᠠᠬᠠᠨ ᠪᠢᠳᠠ ᠣᠳᠤ ᠲᠡᠶ ᠡᠪᠦᠭᠡᠨ ᠤ ᠭᠦᠤ
ᠰᠢᠯᠦᠭ᠌ ᠶᠢᠡᠨ ᠣᠩᠰᠢᠬᠤ ᠭᠡᠵᠤ ᠪᠠᠢ᠌ᠨ᠎ᠠ ᠴᠢᠮᠡᠭᠡ ᠥᠭᠡᠢ
ᠭᠠᠯ ᠤᠨ ᠱᠤᠭᠤᠮ ᠳᠤ ᠡᠷᠡᠰᠳᠡᠭ᠍ᠰᠡᠨ ᠴᠡᠷᠢᠭ᠌ ᠤᠨ
ᠰᠡᠭᠦᠯᠴᠢ ᠶᠢᠨ ᠠᠮᠢᠰᠬᠤᠭ᠎ᠠ ᠰᠤᠨᠤᠰᠳᠠᠵᠤ ᠪᠠᠢ᠌ᠨ᠎ᠠ ᠴᠢᠮᠡᠭᠡ ᠦᠭᠡᠶ ᠡ
ᠳᠠᠮᠰᠤᠭ ᠤᠨ ᠵᠢᠷᠭᠤᠳᠤᠭᠠᠷ ᠳ᠋ᠢᠸᠢᠽᠢ
ᠣᠷᠤᠢ ᠶᠢᠨ ᠳᠤᠭᠠᠨ ᠳᠠᠭᠠᠨ ᠵᠢᠭᠰᠠᠵᠤ ᠪᠠᠢ᠌ᠨ᠎ᠠ
ᠳᠠᠨ ᠤ ᠮᠢᠨᠤ ᠡᠪᠦᠭᠡᠳ ᠵᠠᠯᠠᠭᠤ ᠪᠠᠷ ᠶᠢᠡᠨ ᠣᠳᠤ
ᠡᠩᠭᠦᠷᠡᠢ ᠨᠤᠳᠤᠭ ᠶᠢᠡᠨ ᠳᠠᠭᠤᠯᠠᠵᠤ ᠪᠠᠢ᠌ᠨ᠎ᠠ ᠴᠢᠮᠡᠭᠡ ᠥᠭᠡᠢ
ᠬᠠᠳᠠᠨ ᠳᠦᠷᠦᠭᠡᠨ ᠳᠡᠭᠡᠷ᠎ᠡ ᠪᠠᠨ ᠪᠦᠭᠦᠢᠵᠤ
ᠵᠡᠭᠦᠨ ᠬᠠᠴᠠᠷ ᠶᠢᠡᠨ ᠥᠨᠦᠰᠦᠭᠦᠯᠦᠭ᠍ᠰᠡᠨ ᠭᠦᠤ ᠨᠢ
ᠬᠠᠯᠬ᠎ᠠ ᠶᠢᠨ ᠭᠤᠤᠯ ᠤᠨ ᠳᠤᠯᠤᠯᠳᠤᠭᠠᠨ ᠡᠴᠡ
ᠬᠠᠯᠠᠭᠳᠠᠵᠤ ᠡᠵᠢ ᠳᠡᠭᠡᠨ ᠢᠷᠡᠭ᠍ᠰᠡᠨ ᠥᠭᠡᠢ
ᠰᠠᠢ᠌ᠬᠠᠨ ᠳᠠᠪᠠᠯ ᠡᠮᠡᠭᠡᠯ ᠬᠠᠵᠠᠭᠠᠷ ᠵᠡᠭᠡᠭᠡᠳ
ᠰᠠᠭᠠᠬᠠᠯᠳᠠ ᠡᠴᠡ ᠪᠠᠷᠢ ᠪᠠᠨ ᠳᠠᠩᠳᠠᠭᠰᠠᠨ ᠡᠪᠦᠭᠡᠳ
ᠭᠦᠤ ᠴᠢᠨᠢ ᠡᠷᠡᠰᠳᠡᠭ᠍ᠰᠡᠨ ᠭᠡᠵᠤ ᠭᠡᠯᠡᠵᠤ ᠴᠢᠳᠠᠭ᠎ᠠ ᠦᠭᠡᠶ ᠣᠬᠠᠭᠤᠯᠤᠭᠴᠢ
ᠭᠡᠦᠰᠢᠯᠡᠭᠡᠳ ᠳᠠᠢ᠌ᠵᠢᠬᠤ ᠰᠡᠭᠦᠳᠡᠷ ᠳᠤᠮᠳᠠ
ᠭᠠᠭᠴᠠᠭᠠᠷ ᠶᠢᠡᠨ ᠣᠭᠢᠯᠠᠵᠤ ᠪᠠᠢ᠌ᠨ᠎ᠠ ᠴᠢᠮᠡᠭᠡ ᠦᠭᠡᠶ ᠡ
ᠪᠦᠯᠢ ᠲᠡᠶ ᠪᠦᠭᠦᠨ ᠮᠤᠷᠳᠠᠭᠰᠠᠨ ᠳᠠᠢ᠌ᠨ ᠲᠡᠶ ᠵᠢᠯ ᠤᠳ ᠤᠨ ᠠᠷᠤ ᠳᠤ
ᠪᠦᠰᠡ ᠪᠠᠨ ᠴᠢᠩᠭ᠋ᠠᠯᠠᠭᠰᠠᠨ ᠭᠡᠦᠭᠡᠨ ᠨᠤᠭᠦᠳ ᠳᠡᠭᠡᠪᠦᠷ ᠶᠢᠡᠨ ᠭᠠᠭᠴᠠᠭᠠᠷ ᠶᠢᠡᠨ ᠡᠷᠭᠦᠵᠤ
ᠬᠠᠨ᠎ᠠ ᠶᠢᠨ ᠭᠤᠷᠪᠠᠨ ᠪᠦᠰᠡᠯᠡᠭᠦᠷ ᠳᠠᠳᠠᠯᠠᠵᠤ ᠵᠠᠪᠳᠤᠭ᠎ᠠ ᠦᠭᠡᠶ ᠡᠷᠡᠴᠦᠳ
ᠬᠠᠨᠠᠭᠠᠷ ᠣᠷᠤᠨ ᠤ ᠪᠠᠨ ᠬᠠᠶᠠᠭ᠎ᠠ ᠶᠢ ᠵᠤᠷᠢᠭ ᠶᠢᠡᠷ ᠶᠢᠡᠨ ᠳᠠᠮᠵᠢᠵᠤ ᠪᠠᠢ᠌ᠨ᠎ᠠ ᠴᠢᠮᠡᠭᠡ ᠦᠭᠡᠶ ᠡ
ᠨᠠᠰᠤ ᠪᠠᠨ ᠣᠷᠭᠢᠭᠰᠠᠨ ᠪᠠᠭᠠᠳᠤᠷ ᠤᠳ ᠤᠨ ᠠᠴᠢ ᠦᠷᠠᠰ ᠨᠢ ᠭᠦᠯᠢᠶᠡᠵᠤ ᠪᠠᠢ᠌ᠨ᠎ᠠ
ᠨᠠᠮᠤᠷ ᠤᠨ ᠭᠦᠢᠳᠡᠨ ᠰᠦᠨᠢ ᠭᠠᠵᠠᠷ ᠳᠠᠭᠠᠷᠠᠯ᠎ᠠ ᠭᠡᠷ ᠲᠤ ᠰᠡᠷᠢᠭᠦᠨ ᠪᠠᠢ᠌ᠨ᠎ᠠ
ᠣᠳᠤᠨ ᠠᠪᠣᠶ᠎ᠠ ᠭᠡᠵᠤ ᠪᠠᠢ᠌ᠯᠳᠤᠭᠠ ᠦᠭᠡᠶ ᠭᠤᠴᠢᠭᠠᠤᠨ ᠣᠨ ᠤ ᠪᠠᠭᠠᠳᠤᠷ ᠤᠳ ᠮᠠᠨᠢ
ᠣᠳᠤ ᠴᠤ ᠭᠡᠰᠡᠨ ᠳᠠ ᠪᠢᠳᠠᠨ ᠢ ᠵᠠᠭᠤᠨ ᠵᠠᠭᠤᠨ ᠵᠢᠯ ᠬᠠᠮᠠᠭᠠᠯᠠᠵᠤ ᠪᠠᠢ᠌ᠨ᠎ᠠ
ᠳᠠᠯᠳᠤ ᠭᠦᠯᠦᠭ᠌ ᠤᠨ ᠶᠢᠡᠨ ᠨᠢᠷᠤᠭᠤᠨ ᠡᠴᠡ ᠬᠠᠰᠭᠢᠷᠴᠤ ᠠᠪᠴᠢᠷᠠᠭ᠎ᠠ ᠦᠭᠡᠶ ᠬᠤᠪᠢᠰᠬᠠᠯ ᠤᠨ
ᠳᠠᠯᠳᠠ ᠵᠢᠭᠰᠠᠭᠰᠠᠨ ᠣᠨ ᠵᠢᠯ ᠢ ᠥᠭᠦᠯ ᠪᠦᠳᠦᠭᠡᠯᠴᠡᠭ᠍ᠰᠡᠨ ᠢ ᠰᠠᠨᠠᠵᠠᠭᠠᠶᠠ
ᠴᠡᠯᠮᠡᠭ᠌ ᠵᠠᠯᠠᠭᠤ ᠨᠠᠰᠤᠨ ᠤ ᠪᠠᠨ ᠭᠠᠯ ᠲᠦᠯᠤ ᠪᠠᠷ ᠪᠠᠳᠠᠷᠠᠵᠤ
ᠴᠠᠳᠠᠠᠵᠠᠪ ᠭᠤᠸᠠᠢ ᠶᠢᠨ ᠰᠢᠯᠦᠭ᠌ ᠢ ᠰᠤᠷᠭᠠᠭᠤᠯᠢ ᠳᠤ ᠴᠡᠭᠡᠵᠢᠯᠡᠭ᠍ᠰᠡᠨ ᠬᠡᠦᠬᠡᠳ
ᠴᠢᠨᠤ ᠲᠦᠯᠦᠭᠡ ᠥᠭᠦᠶ᠎ᠡ ᠭᠡᠵᠤ ᠡᠭᠡ ᠣᠷᠤᠨ ᠳᠠᠭᠠᠨ ᠭᠡᠯᠡᠭ᠍ᠰᠡᠨ
ᠴᠡᠷᠢᠭ᠌ ᠤᠨ ᠳᠠᠩᠭ᠋ᠠᠷᠢᠭ ᠪᠣᠯᠭᠠᠨ ᠰᠡᠳᠭᠢᠯ ᠶᠢᠡᠷ ᠶᠢᠡᠨ ᠠᠠᠳᠠᠭᠠᠢ᠌ᠯᠠᠭᠰᠠᠨ ᠢ ᠪᠣᠳᠤᠵᠠᠭᠠᠶᠠ
ᠴᠡᠩᠭᠡᠷ ᠳᠤᠷᠳᠤᠩ ᠠᠯᠴᠢᠭᠤᠷ ᠵᠡᠭᠦᠳᠤᠨ ᠳᠤ ᠣᠮᠪᠠᠨ ᠳᠠᠷᠪᠠᠨᠠ
ᠴᠡᠷᠢᠭ᠌ ᠤᠨ ᠭᠦᠤ ᠣᠳᠤ ᠭᠡᠷ ᠲᠡᠭᠡᠨ ᠪᠣᠴᠠᠭᠠᠤᠨ ᠢᠷᠠᠵᠤ ᠪᠠᠢ᠌ᠨ᠎ᠠ
ᠴᠡᠴᠡᠭᠡᠰ ᠵᠢᠷᠭᠤᠭᠠᠨ ᠰᠠᠷ᠎ᠠ ᠳᠠᠭᠠᠨ ᠬᠠᠰᠭᠢᠷᠴᠤ ᠣᠷᠭᠤᠭᠰᠠᠨ ᠢᠷᠭᠤᠢ
ᠴᠠᠮᠪᠠ ᠶᠢᠨ ᠰᠢᠨᠸᠯ ᠶᠢᠡᠨ ᠰᠦᠪᠡᠯᠠᠨ ᠬᠠᠯᠬ᠎ᠠ ᠶᠢᠨ ᠭᠤᠤᠯ ᠡᠴᠡ ᠦᠨᠳᠠᠢ᠌ᠵᠤ ᠪᠠᠢ᠌ᠨ᠎ᠠ
ᠠᠮᠢᠰᠬᠤᠭ᠎ᠠ ᠳᠠᠷᠤᠨ ᠪᠣᠳᠤᠬᠤ ᠵᠢᠷᠦᠭᠡᠨ ᠤ ᠭᠦᠨ ᠭᠦᠡᠳᠦᠳᠭᠡᠯ ᠳ᠋ᠤ
ᠠᠷᠠᠤᠨ ᠤᠨ ᠠᠷᠮᠢ ᠶᠢᠨ ᠨᠤᠮᠤᠬᠠᠨ ᠺᠦᠮᠠᠠᠳ᠋ ᠰᠡᠳᠭᠢᠯ ᠤᠨ ᠰᠠᠭᠢᠯᠭ᠎ᠠ ᠮᠠᠳᠤ ᠭᠡᠷᠡᠭ᠍ᠳᠡᠢ
ᠫᠣᠤ ᠳᠠᠭᠤᠨ ᠦᠭᠡᠶ ᠵᠠᠭᠤᠨ ᠨᠤᠭᠤᠳ ᠲᠤ ᠠᠮᠢᠳᠤᠷᠠᠬᠤ ᠬᠤᠪᠢ ᠲᠡᠶ ᠪᠢᠳᠠᠨ ᠳ᠋ᠤ
ᠪᠣᠳᠠᠷᠠᠰᠢ ᠦᠭᠡᠶ ᠠᠯᠳᠠᠨ ᠭᠦᠷᠢᠶ᠎ᠡ ᠪᠠᠨ ᠨᠢᠭᠡᠳᠭᠡᠭᠦ ᠵᠢᠭᠰᠠᠭᠠᠯ ᠪᠠᠰᠠ ᠭᠡᠷᠡᠭ᠍ᠳᠡᠢ
ᠬᠠᠭᠤᠴᠢᠨ ᠰᠢᠨᠸᠯ ᠤᠨ ᠰᠤᠮᠤᠨ ᠤ ᠰᠤᠷᠪᠢ ᠶᠢ ᠬᠤᠷᠤᠭᠤ ᠪᠠᠷ ᠶᠢᠡᠨ ᠪᠦᠭᠯᠡᠭ᠍ᠰᠡᠨ ᠪᠠᠭᠠᠴᠤᠳ ᠮᠢᠨᠢ
ᠬᠤᠪᠢ ᠲᠡᠶ ᠴᠠᠭ ᠤᠨ ᠡᠯᠢᠭᠡᠨ ᠳᠡᠭᠡᠷ᠎ᠡ ᠳᠠᠩᠭᠢᠯᠬᠠᠨ ᠥᠰᠦᠭ᠍ᠰᠡᠨ ᠶᠢᠡᠨ ᠰᠠᠨᠠᠵᠠᠭᠠᠶᠠ
ᠪᠣᠯᠵᠤ ᠪᠠᠢ᠌ᠨ᠎ᠠ ᠭᠡᠵᠤ ᠳᠠᠢ᠌ᠤᠠᠬᠤᠷᠠᠭᠰᠠᠨ
ᠣᠳᠤᠨ ᠲᠡᠶ ᠡᠪᠦᠭᠡᠳ ᠤᠨ ᠠᠴᠢ ᠦᠷᠠᠰ ᠮᠢᠨᠢ ᠡ
ᠪᠣᠳᠤᠬᠤ ᠶᠠᠭᠤᠮ᠎ᠠ ᠪᠢᠳᠠᠨ ᠳᠤ᠂ ᠪᠣᠳᠤᠬᠤ ᠶᠠᠭᠤᠮ᠎ᠠ ᠪᠢᠳᠠᠨ ᠳᠤ ᠪᠠᠢ᠌ᠬᠤ ᠦᠭᠡᠶ ᠭᠡᠵᠤ ᠤᠤ
ᠢᠯᠠᠭᠳᠠᠵᠤ ᠥᠵᠡᠭᠡ ᠦᠭᠡᠶ ᠮᠤᠩᠭ᠋ᠤᠯ ᠠᠷᠠᠤᠨ ᠤᠨ ᠠᠷᠮᠢ
ᠢᠠᠳᠠᠷ ᠤᠨ ᠡᠮᠦᠨᠡᠭᠦᠷ ᠠᠯᠬᠤᠵᠤ ᠪᠠᠢ᠌ᠨ᠎ᠠ
ᠢᠯᠭᠤᠭᠰᠠᠨ ᠳᠤᠭ ᠤᠨ ᠭᠢᠨᠢ ᠠᠯᠳᠠᠨ ᠮᠠᠠᠵᠢᠯᠭᠠ ᠢᠳᠡᠭᠡᠯ ᠲᠡᠶ ᠳᠠᠷᠪᠠᠵᠤ ᠪᠠᠢ᠌ᠨ᠎ᠠ
ᠮᠤᠩᠭ᠋ᠤᠯ ᠣᠯᠤᠰ ᠶᠢᠡᠨ ᠳᠦᠪᠭᠢᠨᠡᠭᠦᠯᠦᠭ᠍ᠰᠡᠨ ᠪᠢᠳᠠᠨ ᠤ ᠵᠤᠷᠢᠭᠳᠤ ᠰᠥᠭᠡᠪᠠᠭᠡᠳᠦᠷ
ᠮᠤᠷᠢᠨ ᠳᠡᠭᠡᠷ᠎ᠡ ᠪᠠᠨ ᠦᠨᠳᠠᠢ᠌ᠨ ᠭᠠᠷ ᠶᠢᠡᠨ ᠰᠤᠩᠭ᠋ᠠᠵᠤ ᠪᠠᠢ᠌ᠨ᠎ᠠ ᠴᠢᠮᠡᠭᠡ ᠦᠭᠡᠶ ᠴᠢᠮᠡᠭᠡ ᠥᠭᠡᠢ
ᠬᠤᠷᠢᠨ ᠨᠢᠭᠡᠨ ᠣᠨ ᠤ ᠭᠢᠨ ᠳᠤ ᠵᠠᠭᠢᠵᠤ ᠭᠡᠯᠡᠭ᠍ᠰᠡᠨ ᠥᠭᠡ ᠪᠠᠨ
ᠬᠤᠷᠢᠨ ᠨᠢᠭᠡᠳᠦᠭᠡᠷ ᠵᠠᠭᠤᠨ ᠤ ᠭᠢᠨ ᠳᠤ ᠳᠠᠭᠢᠵᠤ ᠰᠠᠨᠠᠭᠤᠯᠬᠤ ᠭᠡᠵᠤ ᠪᠠᠢ᠌ᠨ᠎ᠠ ᠴᠢᠮᠡᠭᠡ ᠥᠭᠡᠢ
ᠭᠠᠭᠴᠠᠬᠠᠨ ᠪᠢᠳᠠ ᠣᠳᠤ ᠲᠡᠶ ᠡᠪᠦᠭᠡᠨ ᠤ ᠭᠦᠤ
ᠰᠢᠯᠦᠭ᠌ ᠶᠢᠡᠨ ᠣᠩᠰᠢᠬᠤ ᠭᠡᠵᠤ ᠪᠠᠢ᠌ᠨ᠎ᠠ ᠴᠢᠮᠡᠭᠡ ᠥᠭᠡᠢ
ᠭᠠᠯ ᠤᠨ ᠱᠤᠭᠤᠮ ᠳᠤ ᠡᠷᠡᠰᠳᠡᠭ᠍ᠰᠡᠨ ᠴᠡᠷᠢᠭ᠌ ᠤᠨ
ᠰᠡᠭᠦᠯᠴᠢ ᠶᠢᠨ ᠠᠮᠢᠰᠬᠤᠭ᠎ᠠ ᠰᠤᠨᠤᠰᠳᠠᠵᠤ ᠪᠠᠢ᠌ᠨ᠎ᠠ ᠴᠢᠮᠡᠭᠡ ᠦᠭᠡᠶ ᠡ
ᠢᠯᠠᠭᠳᠠᠵᠤ ᠥᠵᠡᠭᠡ ᠦᠭᠡᠶ ᠮᠤᠩᠭ᠋ᠤᠯ ᠠᠷᠠᠤᠨ ᠤᠨ ᠠᠷᠮᠢ
ᠢᠠᠳᠠᠷ ᠤᠨ ᠡᠮᠦᠨᠡᠭᠦᠷ ᠠᠯᠬᠤᠵᠤ ᠪᠠᠢ᠌ᠨ᠎ᠠ
ᠢᠯᠭᠤᠭᠰᠠᠨ ᠳᠤᠭ ᠤᠨ ᠭᠢᠨᠢ ᠠᠯᠳᠠᠨ ᠮᠠᠠᠵᠢᠯᠭᠠ
ᠢᠳᠡᠭᠡᠯ ᠲᠡᠶ ᠳᠠᠷᠪᠠᠵᠤ ᠪᠠᠢ᠌ᠨ᠎ᠠ
ᠮᠤᠩᠭ᠋ᠤᠯ ᠣᠯᠤᠰ ᠶᠢᠡᠨ ᠳᠦᠪᠭᠢᠨᠡᠭᠦᠯᠦᠭ᠍ᠰᠡᠨ ᠪᠢᠳᠠᠨ ᠤ ᠵᠤᠷᠢᠭᠳᠤ ᠰᠥᠭᠡᠪᠠᠭᠡᠳᠦᠷ
ᠮᠤᠷᠢᠨ ᠳᠡᠭᠡᠷ᠎ᠡ ᠡᠴᠡ ᠪᠠᠨ ᠦᠨᠳᠠᠢ᠌ᠨ ᠭᠠᠷ ᠶᠢᠡᠨ ᠰᠤᠩᠭ᠋ᠠᠵᠤ ᠪᠠᠢ᠌ᠨ᠎ᠠ ᠴᠢᠮᠡᠭᠡ ᠥᠭᠡᠢ
ᠬᠤᠷᠢᠨ ᠨᠢᠭᠡᠨ ᠣᠨ ᠤ ᠭᠢᠨ ᠳᠤ ᠵᠠᠭᠢᠵᠤ ᠭᠡᠯᠡᠭ᠍ᠰᠡᠨ ᠥᠭᠡ ᠪᠠᠨ
ᠬᠤᠷᠢᠨ ᠨᠢᠭᠡᠳᠦᠭᠡᠷ ᠵᠠᠭᠤᠨ ᠤ ᠭᠢᠨ ᠳᠤ ᠳᠠᠭᠢᠵᠤ ᠰᠠᠨᠠᠭᠤᠯᠬᠤ ᠭᠡᠵᠤ ᠪᠠᠢ᠌ᠨ᠎ᠠ ᠴᠢᠮᠡᠭᠡ ᠥᠭᠡᠢ