ᠪᠤᠷᠬᠠᠨ ᠨᠤᠮ ᠳᠤ ᠪᠠᠨ ᠮᠦᠷᠭᠦᠶ᠎ᠡ

ᠤᠷᠠᠯᠢᠭᠴᠢᠨ᠄ ᠴᠦᠨ ᠯᠢᠶᠠᠩ

ᠦᠭᠡ᠄ ᠬᠤᠷᠠᠯᠳᠤᠳᠠᠢ᠂ ᠴ·ᠰᠡᠴᠡᠨᠪᠠᠭᠠᠲᠤᠷ

ᠠᠶ᠎ᠠ᠄ ᠰᠡᠴᠡᠨᠴᠤᠭᠲᠤ

ᠴᠤᠮᠤᠭ ᠤᠨ ᠬᠠᠷᠢᠶ᠎ᠠ᠄ ᠰᠤᠩᠭᠤᠳᠠᠭ ᠬᠠᠳᠠᠭᠠᠯᠠᠮᠵᠢ

ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤᠱᠠᠰᠢᠨ ᠤ ᠳᠠᠭᠤᠤ

ᠢᠷᠡᠯᠲᠡ᠄ ᠴᠦᠨ ᠯᠢᠶᠠᠩ ᠬᠠᠩᠭᠠᠪᠠ

ᠳᠠᠷᠤᠮ᠄ 1179

ᠬᠦᠭᠵᠢᠮ ᠨᠠᠢ᠌ᠷᠠᠭᠤᠯᠤᠭᠴᠢ᠄ ᠴᠡᠩᠭᠡᠯ

 

ᠪᠤᠳᠢ ᠮᠦᠷ ᠤᠨ ᠠᠷᠢᠭᠤᠨ ᠰᠡᠳᠬᠢᠯ ᠢ ᠡᠭᠦᠰᠬᠡᠨ

ᠪᠤᠷᠤᠭᠤ ᠤᠬᠠᠭᠠᠨ ᠤ ᠡ᠊ᠨᠳᠡᠯ ᠤᠰᠤᠯ ᠢ ᠵᠦᠭᠰᠢᠷᠡᠭᠦᠯᠦᠭᠴᠢ

ᠪᠤᠮᠠᠨ ᠲᠦᠮᠡᠨ ᠤ ᠬᠦᠰᠡᠯ ᠢᠷᠦᠭᠡᠯ ᠢ ᠳᠠᠭᠠᠳᠬᠠᠨ

ᠪᠤᠶᠠᠨ ᠦᠯᠵᠡᠢ ᠶᠢᠨ ᠰᠠᠢ᠌ᠨ ᠰᠠᠢ᠌ᠬᠠᠨ ᠢ ᠬᠠᠢ᠌ᠷᠠᠯᠠᠭᠴᠢ

        ᠪᠤᠷᠬᠠᠨ ᠪᠠᠭᠰᠢ ᠳᠤ ᠪᠠᠨ ᠮᠦᠷᠭᠦᠶ᠎ᠡ

        ᠤᠮ ᠮᠠ ᠨᠢ ᠪᠠᠳ ᠮᠧ ᠬᠤᠩ

        ᠪᠤᠮ ᠳᠠᠶᠠᠭᠠᠷ ᠠᠮᠤᠭᠤᠯᠠᠩ ᠲᠠᠢ᠌ᠪᠤᠩ

        ᠤᠮ ᠮᠠ ᠨᠢ ᠪᠠᠳ ᠮᠧ ᠬᠤᠩ

 

ᠬᠠᠷᠠᠩᠭᠤᠢ ᠤᠬᠠᠭᠠᠨ ᠤ ᠮᠤᠩᠬᠠᠭ ᠪᠠᠯᠠᠢ ᠶᠢ ᠭᠡᠷᠡᠯᠲᠦᠭᠦᠯᠦᠨ

ᠬᠠᠯᠠ ᠲᠠᠮᠤ ᠶᠢᠨ ᠬᠠᠳᠠᠭᠤ ᠳᠤᠭᠰᠢᠨ ᠢ ᠵᠦᠭᠡᠯᠡᠷᠡᠭᠦᠯᠦᠭᠴᠢ

ᠬᠠᠷ᠎ᠠ ᠬᠢᠯᠢᠩ ᠤᠨ ᠨᠢᠭᠦᠯ ᠬᠢᠯᠢᠨᠴᠡ ᠶᠢ ᠨᠢᠮᠭᠡᠯᠡᠨ

ᠬᠠᠢ᠌ᠷ᠎ᠠ ᠡᠨᠡᠷᠢᠯ ᠤᠨ ᠴᠠᠢ᠌ᠯᠠᠭᠠᠨ ᠰᠡᠳᠬᠢᠯ ᠢ ᠢᠪᠡᠭᠡᠭᠴᠢ

        ᠮᠦᠩᠬᠡ ᠵᠤᠯᠠ ᠳᠤ ᠪᠠᠨ ᠮᠦᠷᠭᠦᠶ᠎ᠡ

        ᠤᠮ ᠮᠠ ᠨᠢ ᠪᠠᠳ ᠮᠧ ᠬᠤᠩ

        ᠮᠦᠩᠬᠡ ᠲᠡᠭᠷᠢ ᠦᠷᠦᠰᠢᠶᠡᠨ ᠢᠪᠡᠭᠡ

        ᠤᠮ ᠮᠠ ᠨᠢ ᠪᠠᠳ ᠮᠧ ᠬᠤᠩ

 

ᠭᠠᠢ ᠪᠠᠷᠴᠢᠳ ᠤᠨ ᠠᠶᠤᠯ ᠲᠦᠭᠰᠢᠭᠦᠷᠢ ᠶᠢ ᠵᠠᠢ᠌ᠯᠠᠭᠤᠯᠤᠨ

ᠭᠠᠰᠢᠭᠤᠨ ᠵᠤᠪᠠᠯᠠᠩ ᠤᠨ ᠡᠮᠭᠡᠨᠢᠯ ᠭᠤᠨᠢᠭ ᠢ ᠰᠢᠩᠭᠡᠯᠡᠭᠴᠢ

ᠭᠠᠯ ᠭᠤᠯᠤᠮᠲᠠ ᠶᠢᠨ ᠦᠭᠡᠳᠡ ᠡᠰᠡᠷᠡᠭ ᠢ ᠪᠠᠳᠠᠷᠠᠭᠤᠯᠤᠨ

ᠭᠠᠷ ᠭᠠᠷ ᠤᠨ ᠬᠠᠯᠠᠭᠤᠨ ᠲᠤᠰᠠ ᠶᠢ ᠳᠠᠮᠵᠢᠭᠤᠯᠤᠭᠴᠢ

        ᠭᠠᠨᠵᠤᠤᠷ ᠳ᠋ᠠᠨᠵᠤᠤᠷ ᠲᠤ ᠪᠠᠨ ᠮᠦᠷᠭᠦᠶ᠎ᠡ

        ᠤᠮ ᠮᠠ ᠨᠢ ᠪᠠᠳ ᠮᠧ ᠬᠤᠩ

        ᠭᠠᠵᠠᠷ ᠰᠠᠪᠳᠠᠭ ᠪᠠᠶᠠᠨ ᠦᠯᠵᠡᠢ

        ᠤᠮ ᠮᠠ ᠨᠢ ᠪᠠᠳ ᠮᠧ ᠬᠤᠩ