ᠵᠢᠷᠦᠬᠡᠨ ᠦ ᠠᠮᠠᠷᠠᠭ

ᠳᠠᠭᠤᠴᠢᠨ᠄ ᠪᠦᠬᠦ ᠤᠳᠤᠳ
ᠦᠭᠡ᠄ ᠫ᠊·ᠤᠳᠤᠭᠡᠷᠡᠯ
ᠠᠶ᠎ᠠ᠄ ᠯ·ᠪᠠᠯᠾᠠᠵᠠᠪ
ᠴᠤᠮᠤᠭ ᠤᠨ ᠬᠠᠷᠢᠶ᠎ᠠ᠄ ᠬᠠᠮ ᠴᠤᠭᠯᠠᠷᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 9865
ᠴᠠᠭ᠄ 2019 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

《ᠭᠤᠪᠢ ᠶᠢᠨ ᠳᠤᠮᠤᠭ》ᠺᠢᠨᠤ᠋ ᠶᠢᠨ ᠳᠠᠭᠤᠤ

ᠳᠠᠭᠤᠴᠢᠨ ᠪ᠊·ᠵᠠᠮᠢᠯᠠᠩ

 

    ᠰᠠᠯᠬᠢ ᠢᠰᠭᠢᠷᠴᠤ ᠠᠭᠤᠯᠠᠰ ᠬᠦᠩᠭᠢᠨᠡᠭᠡᠳ ᠭᠤᠤᠯ ᠤᠰᠤ ᠬᠠᠷᠭᠢᠯᠤᠨ ᠭᠤᠭᠴᠤᠭᠠᠷᠠᠵᠤ᠂ ᠨᠠᠪᠴᠢ ᠨᠠᠮᠠᠭ᠎ᠠ ᠰᠡᠷᠴᠢᠭᠢᠨᠡᠨ ᠤᠶᠠᠩᠭᠠᠷᠠᠬᠤ ᠶᠢ᠂ ᠪᠠᠰᠠ ᠵᠢᠪᠠᠷ ᠲᠠᠢ ᠰᠦᠨᠢ ᠲᠩᠷᠢ ᠶᠢᠨ ᠤᠳᠤᠳ ᠴᠡᠩᠭᠡᠷᠡᠯᠲᠦᠬᠦ ᠶᠢ᠂ ᠭᠠᠩ ᠤᠨ ᠬᠠᠯᠠᠭᠤᠨ ᠳᠤ ᠨᠠᠷᠠᠨ ᠤ ᠠᠯᠲᠠᠨ ᠬᠡᠯᠲᠡᠰ ᠭᠠᠵᠠᠷ ᠲᠤ ᠰᠢᠷᠠᠨ ᠪᠠᠭᠤᠬᠤ ᠶᠢ ᠵᠢᠷᠦᠬᠡ ᠰᠡᠳᠬᠢᠯ ᠶᠢᠡᠷ ᠶᠢᠡᠨ ᠮᠡᠳᠡᠷᠡᠨ ᠪᠠᠶᠠᠰᠬᠤ ᠶᠢᠨ ᠲᠤᠯᠠᠳᠠ ᠴᠢ ᠠᠮᠢᠳᠤ ᠶᠠᠪᠤᠬᠤ ᠶᠤᠰᠤ ᠲᠠᠢ᠃

 

ᠵᠡᠭᠦᠳᠦᠨ ᠬᠡ ᠲᠡᠢ ᠤᠷᠴᠢᠯᠠᠩ ᠤᠨ

ᠵᠡᠭᠦᠰᠭᠡᠯ ᠭᠤᠶᠤᠯ ᠰᠢᠭ ᠰᠡᠳᠬᠢᠯ ᠮᠢᠨᠢ

ᠵᠦᠩ ᠶᠢᠡᠷ ᠴᠡᠭᠡᠵᠢᠨ ᠳᠦ ᠰᠡᠢᠯᠪᠦᠷᠢᠲᠡᠢ

ᠵᠢᠷᠦᠬᠡᠨ ᠦ ᠠᠮᠠᠷᠠᠭ ᠡ

ᠰᠠᠷᠠᠨ ᠳ᠋ᠧᠩᠯᠦ ᠲᠡᠢ ᠲᠩᠷᠢ ᠶᠢᠨ ᠳᠤᠤᠷ᠎ᠠ ᠰᠠᠨᠠᠵᠤ ᠬᠦᠯᠢᠶᠡᠨ᠎ᠡ ᠡ

ᠰᠠᠨᠴᠢᠭ ᠪᠤᠭᠤᠷᠤᠯ ᠬᠤᠷᠸ᠎ᠠ ᠶᠢ ᠬᠠᠮᠲᠤ ᠳᠠᠭᠠᠨ ᠲᠤᠭᠤᠯᠬᠤ ᠰᠠᠨ

ᠬᠠᠨ ᠬᠤᠷᠮᠤᠰᠲᠠ ᠲᠩᠷᠢ ᠮᠢᠨᠢ

ᠬᠠᠲᠠᠭᠤ ᠪᠦᠬᠦᠨ ᠢ ᠵᠥᠭᠡᠯᠡᠯᠡᠭᠡᠰᠡᠢ

ᠬᠠᠨᠠᠨ ᠭᠡᠷ ᠲᠡᠭᠡᠨ ᠬᠠᠨᠢᠰᠬᠤ ᠵᠤᠯ ᠨᠢ ᠦᠨᠡᠨ ᠪᠠᠢᠭ

 

ᠬᠤᠨ ᠭᠠᠯᠠᠭᠤ ᠬᠤᠲᠠᠯᠠᠭᠰᠠᠨ

ᠬᠤᠪᠢ ᠲᠠᠪᠢᠯᠠᠩ ᠤᠨ ᠲᠤᠭᠤᠷᠢᠮ ᠲᠠᠢ

ᠬᠤᠯᠠᠨ ᠲᠠᠬᠢ ᠶᠢᠨ ᠱᠤᠰᠢᠭ᠎ᠠ ᠲᠠᠢ

ᠬᠤᠲᠤᠭᠲᠤ ᠶᠢᠨ ᠨᠤᠲᠤᠭ ᠮᠢᠨᠢ

ᠨᠠᠷᠠᠨ ᠤᠷᠭᠤᠬᠤ ᠲᠠᠯ᠎ᠠ ᠶᠢᠨ ᠶᠢᠠᠨ ᠮᠠᠩᠬᠠᠨ ᠳᠤᠮᠳᠠ

ᠨᠠᠰᠤᠨ ᠤ ᠠᠮᠠᠷᠠᠭ ᠴᠢᠮᠢ᠋ᠢ ᠪᠠᠨ ᠬᠦᠯᠢᠶᠡᠵᠦ ᠰᠠᠭᠤᠨ᠎ᠠ ᠳ᠋ᠠ

ᠬᠠᠨ ᠬᠤᠷᠮᠤᠰᠲᠠ ᠲᠩᠷᠢ ᠮᠢᠨᠢ

ᠬᠠᠲᠠᠭᠤ ᠪᠦᠬᠦᠨ ᠢ ᠵᠥᠭᠡᠯᠡᠯᠡᠭᠡᠰᠡᠢ

ᠬᠠᠨᠠᠨ ᠭᠡᠷ ᠲᠡᠭᠡᠨ ᠬᠠᠨᠢᠰᠬᠤ ᠵᠤᠯ ᠨᠢ ᠦᠨᠡᠨ ᠪᠠᠢᠭ

ᠽᠠᠮᠪᠤᠯᠢᠩ ᠬᠤᠷᠸ᠎ᠠ ᠳᠠᠭᠠᠨ

ᠵᠠᠯᠪᠠᠷᠢᠯ ᠮᠠᠨᠠᠭᠰᠠᠨ ᠡᠵᠢ ᠮᠢᠨᠢ

ᠵᠠᠶᠠᠭ᠎ᠠ ᠪᠤᠶᠠᠨ ᠳᠤ ᠮᠢᠨᠢ ᠰᠠᠴᠤᠯᠢ ᠪᠠᠨ ᠡᠷᠭᠦᠵᠦ ᠠᠷᠢᠭᠤᠰᠬᠠᠭᠠᠷᠠᠢ

 

ᠬᠠᠨ ᠬᠤᠷᠮᠤᠰᠲᠠ ᠲᠩᠷᠢ ᠮᠢᠨᠢ

ᠬᠠᠲᠠᠭᠤ ᠪᠦᠬᠦᠨ ᠢ ᠵᠥᠭᠡᠯᠡᠯᠡᠭᠡᠰᠡᠢ

ᠬᠠᠨᠠᠨ ᠭᠡᠷ ᠲᠡᠭᠡᠨ ᠬᠠᠨᠢᠰᠬᠤ ᠵᠤᠯ ᠨᠢ ᠦᠨᠡᠨ ᠪᠠᠢᠭ

ᠽᠠᠮᠪᠤᠯᠢᠩ ᠬᠤᠷᠸ᠎ᠠ ᠳᠠᠭᠠᠨ

ᠵᠠᠯᠪᠠᠷᠢᠯ ᠮᠠᠨᠠᠭᠰᠠᠨ ᠡᠵᠢ ᠮᠢᠨᠢ

ᠵᠠᠶᠠᠭ᠎ᠠ ᠪᠤᠶᠠᠨ ᠳᠤ ᠮᠢᠨᠢ ᠰᠠᠴᠤᠯᠢ ᠪᠠᠨ ᠡᠷᠭᠦᠵᠦ ᠠᠷᠢᠭᠤᠰᠬᠠᠭᠠᠷᠠᠢ

ᠵᠠᠶᠠᠭ᠎ᠠ ᠪᠤᠶᠠᠨ ᠳᠤ ᠮᠢᠨᠢ ᠰᠠᠴᠤᠯᠢ ᠪᠠᠨ ᠡᠷᠭᠦᠵᠦ ᠠᠷᠢᠭᠤᠰᠬᠠᠭᠠᠷᠠᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ