ᠠᠯᠳᠠᠢ ᠶᠢᠨ ᠠᠭᠤᠯᠠ ᠡᠴᠡ ᠳᠤᠷᠤᠨ᠎ᠠ ᠶᠢᠨ ᠶᠡᠭᠡ ᠳᠠᠯ᠎ᠠ ᠭᠦᠷᠳᠡᠯ᠎ᠡ
ᠠᠯᠳᠠᠨ ᠭᠤᠪᠢ ᠡᠴᠡ ᠣᠮᠠᠷᠠᠭᠢ ᠭᠦᠭᠯᠦᠭᠡᠷ ᠨᠤᠭᠤᠭᠠᠨ ᠣᠢ ᠭᠦᠪᠴᠢ ᠭᠦᠷᠳᠡᠯ᠎ᠡ
ᠴᠡᠯᠡᠭᠡᠷ ᠠᠭᠤᠳᠠᠮ ᠨᠤᠳᠤᠭ ᠬᠠᠩᠭ᠋ᠠᠢ ᠶᠢᠨ ᠮᠤᠩᠭ᠋ᠤᠯ᠂ ᠭᠤᠪᠢ ᠶᠢᠨ ᠮᠤᠩᠭ᠋ᠤᠯ
ᠴᠡᠭᠡᠵᠢᠨ ᠳᠤ ᠯᠤᠭᠰᠢᠬᠤ ᠵᠢᠷᠦᠭᠡ ᠮᠢᠨᠤ ᠡᠭᠡ ᠣᠷᠤᠨ
ᠵᠢᠵᠢᠭ᠍ᠬᠡᠨ ᠪᠣᠯᠵᠤᠮᠤᠷ᠂ ᠠᠷᠭᠠᠯᠢ᠂ ᠶᠠᠩᠭᠢᠷ ᠤᠨ ᠴᠢᠭᠤᠯᠭᠠᠨ
ᠵᠢᠮᠢᠰ ᠤᠨ ᠢᠯᠳᠠᠮᠬᠠᠨ ᠦᠨᠦᠷ᠂ ᠨᠠᠮᠢᠷᠠᠭ᠎ᠠ ᠪᠣᠷᠤᠭᠠᠨ᠂ ᠮᠢᠨᠤ ᠡᠭᠡ ᠣᠷᠤᠨ
ᠮᠦᠷᠠᠨ ᠭᠤᠤᠯ ᠤᠨ ᠡᠭᠡᠰᠢᠭ᠌᠂ ᠮᠤᠷᠢᠨ ᠬᠤᠭᠤᠷ ᠤᠨ ᠣᠶᠠᠩᠭ᠋ᠠᠯᠢᠭ ᠠᠶᠠᠯᠭᠤ
ᠮᠥᠩᠭᠦᠨ ᠠᠶᠠᠭ᠎ᠠ ᠲᠡᠶ ᠰᠥ᠋ ᠮᠢᠨᠤ ᠡᠭᠡ ᠣᠷᠤᠨ
ᠣᠭᠤᠰᠤᠷ ᠪᠦᠴᠡ ᠦᠭᠡᠶ ᠴᠠᠭᠠᠨ ᠦᠷᠭᠦᠭᠡᠨ ᠳᠤ
ᠣᠨᠠᠵᠤ ᠳᠦᠷᠦᠭ᠍ᠰᠡᠨ ᠬᠤᠪᠣᠷ ᠵᠠᠶᠠᠭ᠎ᠠ
ᠣᠩᠭ᠋ᠤᠨ ᠨᠢᠯᠬ᠎ᠠ ᠡᠴᠡ ᠪᠠᠨ ᠳᠤᠭᠤᠨᠤ ᠶᠢᠨ ᠨᠢᠳᠤ ᠪᠠᠷ
ᠣᠳᠤ ᠲᠡᠶ ᠡᠷᠡᠮᠡᠯᠵᠡᠭ᠍ᠰᠡᠨ ᠬᠤᠯᠠᠴᠢ ᠮᠥᠷᠦᠭᠡᠳᠦᠯ ᠲᠡᠶ
ᠣᠮᠤᠭᠯᠠᠩ ᠭᠦᠯᠦᠭ᠌ ᠤᠨ ᠡᠷᠡᠮᠡᠭ᠌ ᠵᠤ᠋ ᠳᠡᠭᠡᠷ᠎ᠡ
ᠣᠮᠤᠭ ᠱᠤᠷᠠᠩᠬᠠᠢ᠌ᠯᠠᠭᠰᠠᠨ ᠣᠷᠳᠤ ᠶᠢᠨ ᠳᠠᠭᠤᠤ
ᠣᠶᠤᠨ ᠳᠡᠭᠦᠰ ᠮᠤᠩᠭ᠋ᠤᠯ ᠲᠦᠮᠡᠨ ᠤ
ᠣᠷᠤᠢ ᠶᠢᠨ ᠳᠡᠭᠡᠳᠤ ᠭᠦᠰᠡᠯᠡᠩ ᠡᠪ ᠨᠢᠭᠡᠳᠦᠯ ᠡ
ᠠᠰᠠᠷ ᠳᠡᠭ᠍ᠷᠢ ᠶᠢᠨ ᠭᠡᠭᠡᠡᠭᠡᠨ ᠮᠡᠯᠮᠡᠢ
ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ
ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ
ᠠᠯᠳᠠ ᠪᠠᠶ᠎ᠠ ᠶᠢᠨ ᠭᠡᠷᠡᠯᠳᠤ ᠳ᠋ᠸᠪᠠᠵᠠᠨ
ᠠᠮᠢᠨ ᠬᠠᠢ᠌ᠷ᠎ᠠ ᠶᠢᠨ ᠡᠭᠡ ᠣᠷᠤᠨ ᠮᠢᠨᠢ
ᠠᠭᠠᠭᠢᠮ᠎ᠠ ᠬᠠᠯᠠᠭᠤᠨ ᠡᠴᠡ ᠳᠠᠰᠭᠢᠮ᠎ᠠ ᠵᠢᠪᠠᠷ ᠭᠦᠷᠳᠡᠯ᠎ᠡ
ᠠᠩᠭᠢᠯᠤᠮ᠎ᠠ ᠴᠡᠴᠡᠭᠡᠰ ᠡᠴᠡ ᠭᠠᠩᠭ᠋ᠠᠷ ᠴᠠᠭᠠᠨ ᠴᠠᠰᠤ ᠮᠦᠰᠤ ᠭᠦᠷᠳᠡᠯ᠎ᠡ
ᠡᠷᠭᠢᠭᠦ ᠳᠦᠷᠪᠡᠨ ᠣᠯᠠᠷᠢᠯ ᠳᠡᠭ᠍ᠷᠢ ᠶᠢᠨ ᠮᠤᠩᠭ᠋ᠤᠯ᠂ ᠠᠽᠢᠶ᠎ᠠ ᠶᠢᠨ ᠮᠤᠩᠭ᠋ᠤᠯ
ᠡᠭᠡᠨᠡᠭ᠍ᠳᠡ ᠣᠷᠤᠰᠢᠬᠤ ᠡᠩᠭᠡᠵᠢᠨ ᠮᠢᠨᠤ ᠡᠭᠡ ᠣᠷᠤᠨ
ᠵᠤᠨ ᠤ ᠨᠠᠷᠠᠨ᠂ ᠡᠪᠦᠯ ᠤᠨ ᠰᠠᠯᠭᠢᠨ ᠤ ᠳᠠᠭᠤᠯᠠᠯ
ᠵᠠᠭᠤᠨ ᠵᠠᠭᠤᠨ ᠤ 《ᠨᠢᠭᠤᠴᠠ ᠳᠤᠪᠴᠢᠶᠠᠨ》᠂ 《ᠡᠷᠳᠡᠨᠢ ᠶᠢᠨ ᠡᠷᠢᠭᠡ》 ᠮᠢᠨᠤ ᠡᠭᠡ ᠣᠷᠤᠨ
ᠦᠷᠭᠦᠭᠡ ᠴᠠᠭᠠᠨ ᠭᠡᠷ ᠤᠳ ᠠᠷᠭᠠᠯ ᠤᠨ ᠠᠩᠭᠢᠯᠤᠮ᠎ᠠ ᠴᠡᠩᠭᠡᠷ ᠣᠳᠤᠭ᠎ᠠ
ᠥᠭᠡᠳᠡᠷᠡᠭ᠌ ᠭᠡᠭᠡᠨ ᠢᠳᠡᠭᠡᠯ ᠮᠢᠨᠤ ᠡᠭᠡ ᠣᠷᠤᠨ
ᠣᠭᠤᠰᠤᠷ ᠪᠦᠴᠡ ᠦᠭᠡᠶ ᠴᠠᠭᠠᠨ ᠦᠷᠭᠦᠭᠡᠨ ᠳᠤ
ᠣᠨᠠᠵᠤ ᠳᠦᠷᠦᠭ᠍ᠰᠡᠨ ᠬᠤᠪᠣᠷ ᠵᠠᠶᠠᠭ᠎ᠠ
ᠣᠩᠭ᠋ᠤᠨ ᠨᠢᠯᠬ᠎ᠠ ᠡᠴᠡ ᠪᠠᠨ ᠳᠤᠭᠤᠨᠤ ᠶᠢᠨ ᠨᠢᠳᠤ ᠪᠠᠷ
ᠣᠳᠤ ᠲᠡᠶ ᠡᠷᠡᠮᠡᠯᠵᠡᠭ᠍ᠰᠡᠨ ᠬᠤᠯᠠᠴᠢ ᠮᠥᠷᠦᠭᠡᠳᠦᠯ ᠲᠡᠶ
ᠣᠮᠤᠭᠯᠠᠩ ᠭᠦᠯᠦᠭ᠌ ᠤᠨ ᠡᠷᠡᠮᠡᠭ᠌ ᠵᠤ᠋ ᠳᠡᠭᠡᠷ᠎ᠡ
ᠣᠮᠤᠭ ᠱᠤᠷᠠᠩᠬᠠᠢ᠌ᠯᠠᠭᠰᠠᠨ ᠣᠷᠳᠤ ᠶᠢᠨ ᠳᠠᠭᠤᠤ
ᠣᠶᠤᠨ ᠳᠡᠭᠦᠰ ᠮᠤᠩᠭ᠋ᠤᠯ ᠲᠦᠮᠡᠨ ᠤ
ᠣᠷᠤᠢ ᠶᠢᠨ ᠳᠡᠭᠡᠳᠤ ᠭᠦᠰᠡᠯᠡᠩ ᠡᠪ ᠨᠢᠭᠡᠳᠦᠯ ᠡ
ᠠᠰᠠᠷ ᠳᠡᠭ᠍ᠷᠢ ᠶᠢᠨ ᠭᠡᠭᠡᠡᠭᠡᠨ ᠮᠡᠯᠮᠡᠢ
ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ
ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ
ᠠᠯᠳᠠ ᠪᠠᠶ᠎ᠠ ᠶᠢᠨ ᠭᠡᠷᠡᠯᠳᠤ ᠳ᠋ᠸᠪᠠᠵᠠᠨ
ᠠᠮᠢᠨ ᠬᠠᠢ᠌ᠷ᠎ᠠ ᠶᠢᠨ ᠡᠭᠡ ᠣᠷᠤᠨ ᠮᠢᠨᠢ
ᠡᠯᠡᠰᠤᠨ ᠤ ᠰᠢᠷᠭᠡᠭ᠌᠂ ᠮᠥᠩᠭᠡ ᠴᠠᠰᠤᠳᠤ ᠨᠤᠶᠠᠨ ᠣᠷᠭᠢᠯ
ᠡᠷᠡᠨ ᠦᠶ᠎ᠡ ᠶᠢᠨ ᠣᠷᠳᠤ ᠬᠠᠷᠰᠢ ᠭᠦᠯᠦᠭ᠌ ᠤᠨ ᠳᠦᠪᠠᠷᠭᠡᠨ ᠮᠢᠨᠤ ᠡᠭᠡ ᠣᠷᠤᠨ
ᠡᠷᠳᠡᠨᠢ ᠶᠢᠨ ᠠᠯᠳᠠᠨ ᠰᠤᠶᠤᠮᠪᠣ᠂ ᠡᠭᠡᠯᠢ ᠶᠢᠨ ᠴᠠᠭᠠᠬᠠᠨ ᠬᠠᠳᠠᠭ
ᠡᠪ ᠤᠨ ᠠᠷᠢᠭᠤᠨ ᠠᠠᠳᠠᠭᠠᠢ ᠮᠢᠨᠤ ᠡᠭᠡ ᠣᠷᠤᠨ
ᠬᠠᠳᠤᠨ ᠽᠠᠮᠪᠤ ᠳᠢᠪ ᠡᠴᠡ ᠬᠠᠨ ᠬᠤᠷᠮᠤᠰᠳᠠ ᠭᠦᠷᠳᠡᠯ᠎ᠡ
ᠬᠠᠯᠢᠭᠤᠨ ᠵᠥᠯᠭᠡᠨ ᠡᠴᠡ ᠡᠷᠭᠡᠰ ᠤᠨ ᠠᠯᠳᠠᠨ᠂ ᠮᠥᠩᠭᠦᠨ ᠣᠳᠤᠳ ᠭᠦᠷᠳᠡᠯ᠎ᠡ
ᠦᠨᠳᠦᠷ ᠵᠠᠶᠠᠭ᠎ᠠ ᠶᠢᠨ ᠨᠤᠳᠤᠭ ᠳᠡᠯᠡᠭᠡᠢ ᠶᠢᠨ ᠮᠤᠩᠭ᠋ᠤᠯ᠂ ᠴᠢᠩᠭᠢᠰ ᠤᠨ ᠮᠤᠩᠭ᠋ᠤᠯ
ᠥᠭᠡᠷ᠎ᠡ ᠭᠡᠨ ᠤ ᠭᠢ ᠴᠤ ᠪᠢᠰᠢ ᠮᠢᠨᠤ ᠡᠭᠡ ᠣᠷᠤᠨ
ᠣᠭᠤᠰᠤᠷ ᠪᠦᠴᠡ ᠦᠭᠡᠶ ᠴᠠᠭᠠᠨ ᠦᠷᠭᠦᠭᠡᠨ ᠳᠤ
ᠣᠨᠠᠵᠤ ᠳᠦᠷᠦᠭ᠍ᠰᠡᠨ ᠬᠤᠪᠣᠷ ᠵᠠᠶᠠᠭ᠎ᠠ
ᠣᠩᠭ᠋ᠤᠨ ᠨᠢᠯᠬ᠎ᠠ ᠡᠴᠡ ᠪᠠᠨ ᠳᠤᠭᠤᠨᠤ ᠶᠢᠨ ᠨᠢᠳᠤ ᠪᠠᠷ
ᠣᠳᠤ ᠲᠡᠶ ᠡᠷᠡᠮᠡᠯᠵᠡᠭ᠍ᠰᠡᠨ ᠬᠤᠯᠠᠴᠢ ᠮᠥᠷᠦᠭᠡᠳᠦᠯ ᠲᠡᠶ
ᠣᠮᠤᠭᠯᠠᠩ ᠭᠦᠯᠦᠭ᠌ ᠤᠨ ᠡᠷᠡᠮᠡᠭ᠌ ᠵᠤ᠋ ᠳᠡᠭᠡᠷ᠎ᠡ
ᠣᠮᠤᠭ ᠱᠤᠷᠠᠩᠬᠠᠢ᠌ᠯᠠᠭᠰᠠᠨ ᠣᠷᠳᠤ ᠶᠢᠨ ᠳᠠᠭᠤᠤ
ᠣᠶᠤᠨ ᠳᠡᠭᠦᠰ ᠮᠤᠩᠭ᠋ᠤᠯ ᠲᠦᠮᠡᠨ ᠤ
ᠣᠷᠤᠢ ᠶᠢᠨ ᠳᠡᠭᠡᠳᠤ ᠭᠦᠰᠡᠯᠡᠩ ᠡᠪ ᠨᠢᠭᠡᠳᠦᠯ ᠡ
ᠠᠰᠠᠷ ᠳᠡᠭ᠍ᠷᠢ ᠶᠢᠨ ᠭᠡᠭᠡᠡᠭᠡᠨ ᠮᠡᠯᠮᠡᠢ
ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ
ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ
ᠠᠯᠳᠠ ᠪᠠᠶ᠎ᠠ ᠶᠢᠨ ᠭᠡᠷᠡᠯᠳᠤ ᠳ᠋ᠸᠪᠠᠵᠠᠨ
ᠠᠮᠢᠨ ᠬᠠᠢ᠌ᠷ᠎ᠠ ᠶᠢᠨ ᠡᠭᠡ ᠣᠷᠤᠨ ᠮᠢᠨᠢ
ᠮᠢᠨᠦ ᠂ ᠮᠢᠨᠦ ᠡᠬᠡ ᠤᠷᠤᠨ
ᠠᠰᠠᠷ ᠳᠡᠭ᠍ᠷᠢ ᠶᠢᠨ ᠭᠡᠭᠡᠡᠭᠡᠨ ᠮᠡᠯᠮᠡᠢ
ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ
ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ
ᠠᠯᠳᠠ ᠪᠠᠶ᠎ᠠ ᠶᠢᠨ ᠭᠡᠷᠡᠯᠳᠤ ᠳ᠋ᠸᠪᠠᠵᠠᠨ
ᠠᠮᠢᠨ ᠬᠠᠢ᠌ᠷ᠎ᠠ ᠶᠢᠨ ᠡᠭᠡ ᠣᠷᠤᠨ ᠮᠢᠨᠢ
ᠠᠮᠢᠨ ᠬᠠᠢ᠌ᠷ᠎ᠠ ᠶᠢᠨ ᠡᠭᠡ ᠣᠷᠤᠨ ᠮᠢᠨᠢ
ᠡᠬᠡ ᠤᠷᠤᠨ ᠳᠠᠭᠠᠨ ᠬᠠᠢ᠌ᠷᠠᠲᠠᠢ
ᠡᠬᠡ ᠤᠷᠤᠨ ᠮᠢᠨᠢ᠂ ᠡᠬᠡ ᠤᠷᠤᠨ ᠮᠢᠨᠢ
ᠮᠢᠨᠦ ᠂ ᠮᠢᠨᠦ ᠡᠬᠡ ᠤᠷᠤᠨ ᠡ