ᠰᠢᠭᠦᠳᠡᠷᠢ ᠲᠡᠭᠦᠭᠰᠡᠨ ᠪᠦᠰᠡᠭᠦᠢ

ᠳᠠᠭᠤᠴᠢᠨ᠄ ᠪᠠᠲᠤᠰᠦ᠋ᠬᠡ
ᠴᠤᠮᠤᠭ ᠤᠨ ᠬᠠᠷᠢᠶ᠎ᠠ᠄ ᠰᠡᠳᠬᠢᠯ ᠦᠨ ᠭᠠᠯᠪᠢᠷ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 35267
ᠴᠠᠭ᠄ 2009 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ

ᠴᠡᠴᠡᠭ᠌ ᠤᠨ ᠳᠤᠮᠳᠠ ᠡᠴᠡ ᠰᠢᠭᠦᠳᠡᠷᠢ ᠳᠡᠭᠦᠭ᠍ᠰᠡᠨ ᠪᠦᠰᠡᠭᠦᠢ ᠪᠠᠢ᠌ᠨ᠎ᠠ ᠭᠦᠢ

ᠴᠠᠴᠠᠨ ᠮᠡᠷᠭᠡᠨ ᠥᠯᠢᠭᠡᠷ ᠲᠤ ᠨᠢ ᠢᠲᠡᠭᠡᠭᠡ ᠦᠦ ᠳ᠋ᠠ ᠭᠦᠢ

ᠠᠯᠳᠠᠨ ᠨᠠᠷᠠᠨ ᠢ ᠣᠳᠠᠰᠤ ᠪᠠᠷ ᠠᠷᠭᠠᠮᠵᠢᠭᠰᠠᠨ ᠰᠢᠭᠦᠳᠡᠷᠡᠢ ᠶᠢᠨ ᠣᠰᠤ ᠪᠠᠷ ᠶᠢᠡᠨ

ᠠᠴᠢ ᠲᠡᠶ ᠡᠵᠢ ᠳᠡᠭᠡᠨ ᠴᠠᠢ ᠪᠠᠨ ᠴᠢᠨᠠᠭᠠᠤᠨ ᠪᠠᠷᠢᠭᠠᠷᠠᠢ ᠳ᠋ᠠ

    ᠰᠢᠭᠦᠳᠡᠷᠢ ᠳᠡᠭᠦᠭ᠍ᠰᠡᠨ ᠭᠦᠮᠤᠨ ᠤ ᠦᠷ᠎ᠡ ᠶᠢᠨ ᠰᠡᠳᠭᠢᠯ ᠨᠢ ᠭᠦᠢ

    ᠰᠦ᠋ ᠪᠠᠨ ᠦᠭ‍ᠭᠦᠭ᠍ᠰᠡᠨ ᠠᠮᠢᠨ ᠬᠠᠢ᠌ᠷ᠎ᠠ ᠶᠢᠨ ᠢᠲᠡᠭᠡᠯ ᠭᠡᠨ᠎ᠡ ᠭᠦᠢ

 

ᠡᠪᠠᠰᠤᠨ ᠳᠤᠮᠳᠠ ᠡᠴᠡ ᠰᠢᠭᠦᠳᠡᠷᠢ ᠳᠡᠭᠦᠭ᠍ᠰᠡᠨ ᠪᠦᠰᠡᠭᠦᠢ ᠪᠠᠢ᠌ᠨ᠎ᠠ ᠭᠦᠢ

ᠦᠨᠡᠨ ᠮᠡᠷᠭᠡᠨ ᠥᠯᠢᠭᠡᠷ ᠲᠤ ᠨᠢ ᠢᠲᠡᠭᠡᠭᠡ ᠦᠦ ᠳ᠋ᠠ ᠭᠦᠢ

ᠦᠷ ᠤᠨ ᠳᠡᠭ᠍ᠷᠢ ᠶᠢᠨ ᠭᠡᠭᠡ ᠠᠷᠭᠠᠮᠵᠢᠭᠰᠠᠨ ᠰᠢᠭᠦᠳᠡᠷᠢ ᠶᠢᠨ ᠣᠰᠤ ᠪᠠᠷ ᠶᠢᠡᠨ

ᠦᠨᠳᠦᠷ ᠡᠵᠢ ᠳᠡᠭᠡᠨ ᠴᠠᠢ ᠪᠠᠨ ᠴᠢᠨᠠᠭᠠᠤᠨ ᠪᠠᠷᠢᠭᠠᠷᠠᠢ ᠳ᠋ᠠ ᠭᠦᠢ

    ᠰᠢᠭᠦᠳᠡᠷᠢ ᠳᠡᠭᠦᠭ᠍ᠰᠡᠨ ᠭᠦᠮᠤᠨ ᠤ ᠦᠷ᠎ᠡ ᠶᠢᠨ ᠰᠡᠳᠭᠢᠯ ᠨᠢ ᠭᠦᠢ

    ᠰᠦ᠋ ᠪᠠᠨ ᠦᠭ‍ᠭᠦᠭ᠍ᠰᠡᠨ ᠠᠮᠢᠨ ᠬᠠᠢ᠌ᠷ᠎ᠠ ᠶᠢᠨ ᠢᠲᠡᠭᠡᠯ ᠭᠡᠨ᠎ᠡ ᠭᠦᠢ

 

ᠬᠠᠢ᠌ᠲᠠᠩ ᠴᠡᠴᠡᠭ᠌ ᠡᠴᠡ ᠰᠢᠭᠦᠳᠡᠷᠢ ᠳᠡᠭᠦᠭ᠍ᠰᠡᠨ ᠪᠦᠰᠡᠭᠦᠢ ᠪᠠᠢ᠌ᠨ᠎ᠠ ᠭᠦᠢ

ᠬᠠᠴᠢᠨ ᠮᠡᠷᠭᠡᠨ ᠥᠯᠢᠭᠡᠷ ᠲᠤ ᠨᠢ ᠢᠲᠡᠭᠡᠭᠡ ᠦᠦ ᠳ᠋ᠠ ᠭᠦᠢ

ᠬᠠᠨ ᠳᠡᠭ᠍ᠷᠢ ᠶᠢᠨ ᠨᠠᠷᠠᠨ ᠢ ᠠᠷᠭᠠᠮᠵᠢᠭᠰᠠᠨ ᠰᠢᠭᠦᠳᠡᠷᠢ ᠶᠢᠨ ᠣᠰᠤ ᠪᠠᠷ

ᠬᠠᠳᠤᠨ ᠡᠵᠢ ᠳᠡᠭᠡᠨ ᠴᠠᠢ ᠪᠠᠨ ᠴᠢᠨᠠᠭᠠᠤᠨ ᠪᠠᠷᠢᠭᠠᠷᠠᠢ ᠳ᠋ᠠ ᠭᠦᠢ

    ᠰᠢᠭᠦᠳᠡᠷᠢ ᠳᠡᠭᠦᠭ᠍ᠰᠡᠨ ᠭᠦᠮᠤᠨ ᠤ ᠦᠷ᠎ᠡ ᠶᠢᠨ ᠰᠡᠳᠭᠢᠯ ᠨᠢ ᠭᠦᠢ

    ᠰᠦ᠋ ᠪᠠᠨ ᠦᠭ‍ᠭᠦᠭ᠍ᠰᠡᠨ ᠠᠮᠢᠨ ᠬᠠᠢ᠌ᠷ᠎ᠠ ᠶᠢᠨ ᠢᠲᠡᠭᠡᠯ ᠭᠡᠨ᠎ᠡ ᠭᠦᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ