ᠬᠠᠨᠢ ᠶᠢᠨ ᠵᠢᠷᠭᠠᠯ

ᠳᠠᠭᠤᠴᠢᠨ᠄ ᠪᠦᠬᠦ ᠤᠳᠤᠳ
ᠦᠭᠡ᠄ ᠯ·ᠲᠡᠮᠦᠷᠪᠠᠲᠤ
ᠠᠶ᠎ᠠ᠄ ᠰ·ᠡᠷᠳᠡᠨᠢᠴᠢᠯᠠᠭᠤᠨ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠦᠭᠡᠯᠡᠳ ᠭᠠᠯᠳᠠᠨ ᠬᠠᠩᠭᠠᠪᠠ
ᠳᠠᠷᠤᠮ᠄ 21058
ᠴᠠᠭ᠄ 2007 ᠤᠨ ᠤ 10 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ

(ᠪᠠᠲᠤᠵᠢᠷᠭᠠᠯ᠂ ᠴᠢᠯᠠᠭᠤᠨᠴᠡᠴᠡᠭ ᠳᠠᠭᠤᠯᠠᠪᠠ)

 

ᠬᠤᠯᠪᠣᠭ᠎ᠠ ᠴᠠᠭᠠᠨ ᠨᠠᠭᠤᠷ ᠤᠨ ᠶᠢᠡᠨ

ᠬᠤᠶᠠᠷ ᠢᠭᠢᠷ᠎ᠠ ᠠᠩᠭᠢᠷ ᠰᠢᠭ ᠡ

ᠬᠤᠤᠰ ᠬᠤᠤᠰ ᠶᠢᠡᠷ ᠶᠢᠡᠨ ᠪᠠᠢ᠌ᠪᠠᠯ ᠳ᠋ᠠ

ᠬᠤᠷᠸ᠎ᠠ ᠶᠢᠨ ᠵᠢᠷᠭᠠᠯ ᠶᠤᠮ ᠳ᠋ᠠ

ᠬᠠᠢ᠌ᠷ᠎ᠠ ᠶᠢᠨ ᠳᠠᠪᠢᠯᠠᠩ ᠶᠢᠡᠷ ᠣᠴᠠᠷᠠᠭᠰᠠᠨ

ᠬᠠᠨᠢᠰᠬᠤ ᠶᠢᠨ ᠵᠠᠶᠠᠭ᠎ᠠ ᠲᠡᠶ ᠣᠷᠴᠢᠯᠠᠩ ᠳᠠᠭᠠᠨ

ᠬᠠᠮᠳᠤ ᠳᠠᠭᠠᠨ ᠬᠤᠶᠠᠭᠤᠯᠠ ᠪᠠᠨ ᠪᠠᠢ᠌ᠪᠠᠯ ᠳ᠋ᠠ

ᠬᠠᠨᠢ ᠶᠢᠨ ᠵᠢᠷᠭᠠᠯ ᠶᠤᠮ ᠳ᠋ᠠ᠃

 

ᠦᠷᠭᠦᠭᠡ ᠴᠠᠭᠠᠨ ᠭᠡᠷ ᠤᠨ ᠶᠢᠡᠨ

ᠬᠤᠤᠰ ᠬᠤᠶᠠᠷ ᠪᠠᠭᠠᠨ᠎ᠠ ᠰᠢᠭ ᠡ

ᠦᠷᠭᠦᠯᠵᠢ ᠬᠠᠮᠳᠤ ᠳᠠᠭᠠᠨ ᠪᠠᠢ᠌ᠪᠠᠯ ᠳ᠋ᠠ

ᠡᠭᠦᠷᠢᠳᠡ ᠶᠢᠨ ᠵᠢᠷᠭᠠᠯ ᠶᠤᠮ ᠳ᠋ᠠ

ᠬᠠᠢ᠌ᠷ᠎ᠠ ᠶᠢᠨ ᠳᠠᠪᠢᠯᠠᠩ ᠶᠢᠡᠷ ᠣᠴᠠᠷᠠᠭᠰᠠᠨ

ᠬᠠᠨᠢᠰᠬᠤ ᠶᠢᠨ ᠵᠠᠶᠠᠭ᠎ᠠ ᠲᠡᠶ ᠣᠷᠴᠢᠯᠠᠩ ᠳᠠᠭᠠᠨ

ᠬᠠᠮᠳᠤ ᠳᠠᠭᠠᠨ ᠬᠤᠶᠠᠭᠤᠯᠠ ᠪᠠᠨ ᠪᠠᠢ᠌ᠪᠠᠯ ᠳ᠋ᠠ

ᠬᠠᠨᠢ ᠶᠢᠨ ᠵᠢᠷᠭᠠᠯ ᠶᠤᠮ ᠳ᠋ᠠ᠃

 

ᠳᠠᠭᠤᠨ ᠳᠠᠭᠠᠨ ᠣᠶᠠᠷᠠᠬᠤ ᠣᠷᠴᠢᠯᠠᠩ ᠤᠨ

ᠬᠤᠭᠤᠷ ᠤᠨ ᠬᠤᠶᠠᠷ ᠴᠢᠪᠬᠠᠳᠠᠰᠤ ᠰᠢᠭ ᠡ

ᠨᠠᠭᠠᠳᠴᠤ ᠬᠤᠶᠠᠭᠤᠯᠠ ᠪᠠᠨ ᠰᠠᠭᠤᠪᠠᠯ ᠳ᠋ᠠ

ᠨᠠᠰᠤᠨ ᠤ ᠵᠢᠷᠭᠠᠯ ᠶᠤᠮ ᠳ᠋ᠠ

ᠬᠠᠢ᠌ᠷ᠎ᠠ ᠶᠢᠨ ᠳᠠᠪᠢᠯᠠᠩ ᠶᠢᠡᠷ ᠣᠴᠠᠷᠠᠭᠰᠠᠨ

ᠬᠠᠨᠢᠰᠬᠤ ᠶᠢᠨ ᠵᠠᠶᠠᠭ᠎ᠠ ᠲᠡᠶ ᠣᠷᠴᠢᠯᠠᠩ ᠳᠠᠭᠠᠨ

ᠬᠠᠮᠳᠤ ᠳᠠᠭᠠᠨ ᠬᠤᠶᠠᠭᠤᠯᠠ ᠪᠠᠨ ᠪᠠᠢ᠌ᠪᠠᠯ ᠳ᠋ᠠ

ᠬᠠᠨᠢ ᠶᠢᠨ ᠵᠢᠷᠭᠠᠯ ᠶᠤᠮ ᠳ᠋ᠠ᠃

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ