ᠲᠤᠶᠠᠭ᠎ᠠ

ᠪᠣᠳᠤᠯᠭᠠᠳᠤ ᠸᠠᠩ ᠤᠨ ᠬᠤᠰᠢᠭᠤᠨ ᠤ ᠪᠦᠳᠦᠭᠦᠡᠬᠠᠷᠠᠭᠠᠨ᠎ᠡ ᠰᠤᠮᠤ ᠶᠢᠨ ᠵᠡᠭᠦᠨ ᠭᠠᠴᠠᠭ᠎ᠠ ᠨᠤᠳᠤᠭ ᠲᠡᠶ ᠵᠠᠯᠠᠭᠤ ᠣᠷᠠᠨ ᠪᠢᠴᠢᠯᠭᠡᠳᠡᠨ ᠂ ᠰᠠᠢ᠌ᠯᠤᠮᠠᠯᠴᠢᠨ ᠳᠤᠶᠠᠭ᠎ᠠ ᠪᠣᠯ ᠳᠠᠢ᠌ᠯ ᠪᠣᠭᠳᠠ ᠬᠠᠪᠣᠳᠤ ᠬᠠᠰᠠᠷ ᠤᠨ ᠬᠣᠢ᠌ᠴᠢᠰ ᠂ ᠳᠠᠷᠬᠠᠨ ᠪᠠᠭᠠᠳᠤᠷ ᠮᠢᠩᠭ᠋ᠠᠨ ᠨᠤᠶᠠᠨ ᠤ ᠳᠠᠷᠤᠭᠳᠠᠰᠢ ᠦᠭᠡᠶ ᠭᠦᠭᠡ ᠳᠤᠭ ᠢ ᠪᠠᠷᠢᠳᠠᠭ ᠮᠠᠷᠤᠳ ᠠᠢ᠌ᠮᠠᠭ ᠤᠨ ᠰᠠᠯᠠᠭᠠᠨ ᠤ ᠴᠡᠷᠢᠭ᠌ ᠭᠠᠷᠤᠯᠳᠠᠢ ᠬᠠᠮᠤᠵᠠᠪ ᠂ ᠳᠠᠷᠢᠶᠠᠴᠢᠨ ᠪᠦᠰᠡᠭᠦᠢ ᠶᠢᠨ ᠢᠤᠢ ᠶᠢᠨ ᠬᠤᠶᠠᠳᠤᠭᠠᠷ ᠦᠬᠢᠨ ᠃ 1986 ᠣᠨ ᠳᠤ ᠵᠢᠷᠢᠮ ᠤᠨ ᠪᠠᠭᠰᠢ ᠶᠢᠨ ᠰᠤᠷᠭᠠᠭᠤᠯᠢ ᠡᠴᠡ ᠳᠡᠭᠦᠰᠴᠤ ᠲᠦᠩᠯᠢᠶᠤᠤ ᠬᠤᠳᠠ ᠶᠢᠨ ᠮᠤᠩᠭ᠋ᠤᠯ ᠰᠤᠷᠭᠠᠭᠤᠯᠢ ᠳᠤ ᠪᠢᠴᠢᠯᠭᠡ ᠵᠢᠷᠤᠭ ᠤᠨ ᠪᠠᠭᠰᠢ ᠪᠠᠷ ᠠᠵᠢᠯᠯᠠᠵᠠᠢ ᠃ ᠬᠠᠷᠠᠬᠠᠨ ᠪᠠᠭ᠎ᠠ ᠡᠴᠡ ᠬᠤᠶᠠᠳᠤᠭᠠᠷ ᠨᠠᠭᠠᠴᠤ ᠠᠪᠣ ᠯᠢᠤ ᠱᠠᠨ ᠤ ᠨᠥᠯᠦᠭᠡ ᠶᠢ ᠭᠦᠷᠳᠡᠵᠤ ᠂ ᠮᠤᠩᠭ᠋ᠤᠯ ᠦᠰᠦᠨ ᠪᠢᠷ ᠤᠨ ᠪᠢᠴᠢᠯᠭᠡ ᠲᠡᠶ ᠣᠢ᠌ᠷᠠᠳᠤᠵᠤ ᠂ ᠬᠤᠵᠢᠮ ᠨᠢ ᠪᠠᠭᠰᠢ ᠶᠢᠨ ᠰᠤᠷᠭᠠᠭᠤᠯᠢ ᠳᠤ ᠰᠢᠰᠲ᠋ᠸᠮ ᠲᠡᠶ ᠪᠣᠯᠪᠠᠰᠤᠷᠠᠯ ᠳᠠᠳᠤᠯᠭ᠎ᠠ ᠭᠦᠷᠳᠡᠭ᠍ᠰᠡᠨ ᠡᠴᠡ ᠣᠷᠠᠨ ᠪᠢᠴᠢᠯᠭᠡ ᠶᠢᠨ ᠢᠳᠠ ᠭᠠᠢ᠌ᠬᠠᠮᠰᠢᠭ ᠲᠤ ᠣᠬᠠᠭ᠎ᠠ ᠳᠠᠮᠢᠷ ᠳᠠᠳᠠᠭᠳᠠᠵᠤ ᠂ ᠪᠢᠴᠢᠵᠤ ᠰᠡᠢ᠌ᠯᠭᠦ ᠣᠷ᠎ᠠ ᠮᠡᠷᠭᠡᠵᠢᠯ ᠶᠢᠡᠨ ᠠᠰᠢᠳᠠᠢ᠌ᠬᠠᠨ ᠳᠡᠭᠡᠭ᠍ᠰᠢᠯᠡᠭᠦᠯᠦᠭᠡᠤᠨ ᠂ ᠣᠪᠤᠨ ᠴᠤᠪᠤᠨ ᠣᠯᠠᠨ ᠪᠦᠳᠦᠭᠡᠯ ᠨᠢ ᠣᠯᠤᠰ ᠂ ᠣᠷᠤᠨ ᠂ ᠬᠤᠳᠠ ᠶᠢᠨ ᠰᠤᠨᠢᠨ ᠰᠡᠦᠡᠭᠦᠯ ᠂ ᠥᠵᠡᠭᠦᠯᠦᠯᠭᠡ ᠳᠤ ᠨᠡᠢ᠌ᠳᠡᠯᠡᠭ᠍ᠳᠡᠨ ᠳᠡᠯᠭᠡᠭ᠍ᠳᠡᠵᠤ ᠂ ᠣᠷᠤᠰᠤᠮ᠎ᠠ ᠢᠳᠡᠷᠡᠭᠦᠨ ᠂ ᠣᠶᠠᠷᠠᠩᠭ᠋ᠤᠢ ᠵᠢᠪᠬᠤᠭᠠᠯᠢᠭ ᠂ ᠣᠤᠠᠬ᠎ᠠ ᠰᠤᠶᠤᠯ ᠤᠨ ᠳᠡᠦᠭᠡ ᠴᠠᠳᠢᠭ ᠤᠨ ᠠᠬᠤᠭᠤᠯᠤᠮᠵᠢ ᠭᠦᠨ ᠵᠡᠷᠭᠡ ᠭᠡᠯᠪᠠᠷᠢ ᠪᠠᠷ ᠶᠢᠡᠨ ᠣᠷᠠᠨ ᠪᠢᠴᠢᠯᠭᠡ ᠶᠢᠨ ᠪᠠᠬᠠᠳᠠᠤᠨ ᠪᠠ ᠣᠢ᠌ᠯᠠᠰ ᠨᠢᠭᠡᠳᠡᠳ ᠲᠡᠭᠡᠨ ᠪᠢᠰᠢᠷᠡᠭ᠍ᠳᠡᠵᠤ ᠳᠠᠭᠠᠰᠢᠶᠠᠭᠳᠠᠭᠰᠠᠭᠠᠷ ᠢᠷᠠᠵᠠᠢ ᠃

2001 ᠣᠨ ᠳᠤ 《ᠳᠤᠶᠠᠭ᠎ᠠ ᠶᠢᠨ ᠬᠤᠪᠢ ᠭᠦᠮᠤᠨ ᠤ ᠣᠷᠠᠨ ᠪᠦᠳᠦᠭᠡᠯ ᠤᠨ ᠥᠵᠡᠭᠦᠯᠦᠯᠭᠡ》 ᠪᠠᠨ ᠠᠮᠵᠢᠯᠳᠠ ᠲᠡᠶ ᠡᠷᠭᠢᠯᠡᠵᠤ ᠂ 1994 ᠣᠨ ᠳᠤ 《ᠭᠡᠯᠡ ᠪᠢᠴᠢᠭ᠌ ᠤᠨ ᠳᠠᠪᠤᠨ ᠱᠤᠭᠤᠮᠳᠤ ᠪᠢᠴᠢᠯᠭᠡ》 ᠭᠡᠭᠦ ᠨᠤᠮ ᠶᠢᠡᠨ ᠦᠪᠣᠷ ᠮᠤᠩᠭ᠋ᠤᠯ ᠤᠨ ᠪᠠᠭᠠᠴᠤᠳ ᠭᠡᠦᠭᠡᠤᠨ ᠤᠨ ᠭᠡᠪᠯᠡᠯ ᠤᠨ ᠬᠤᠷᠢᠶ᠎ᠠ ᠡᠴᠡ ᠭᠡᠪᠯᠡᠭᠦᠯᠵᠡᠢ ᠃ 2004 ᠣᠨ ᠳᠤ ᠵᠠᠰᠠᠯᠳᠠ ᠭᠢᠵᠤ ᠳᠠᠭᠢᠨ ᠭᠡᠪᠯᠡᠭᠦᠯᠵᠡᠢ ᠃

ᠣᠳᠤ ᠲᠦᠩᠯᠢᠶᠤᠤ ᠬᠤᠳᠠ ᠶᠢᠨ ᠣᠷᠠᠨ ᠪᠢᠴᠢᠯᠭᠡᠳᠡᠳ ᠤᠨ ᠨᠡᠢ᠌ᠭᠡᠮᠯᠢᠭ᠌ ᠤᠨ ᠭᠡᠷᠡᠭ᠌ ᠡᠷᠭᠢᠯᠡᠭ᠍ᠴᠢ ᠂ ᠲᠦᠩᠯᠢᠶᠤᠤ ᠬᠤᠳᠠ ᠶᠢᠨ ᠰᠠᠢ᠌ᠯᠤᠮᠠᠯᠴᠢᠤᠨ ᠤᠨ ᠨᠡᠢ᠌ᠭᠡᠮᠯᠢᠭ᠌ ᠤᠨ ᠨᠠᠷᠢᠨ ᠪᠢᠴᠢᠭ᠌ ᠤᠨ ᠳᠠᠳ᠋ ᠳᠠᠷᠤᠭ᠎ᠠ ᠂ ᠦᠪᠣᠷ ᠮᠤᠩᠭ᠋ᠤᠯ ᠤᠨ ᠣᠷᠠᠨ ᠪᠢᠴᠢᠯᠭᠡᠳᠡᠳ ᠤᠨ ᠨᠡᠢ᠌ᠭᠡᠮᠯᠢᠭ᠌ ᠤᠨ ᠭᠡᠰᠢᠭᠦᠨ ᠵᠡᠷᠭᠡ ᠨᠡᠢ᠌ᠭᠡᠮ ᠤᠨ ᠡᠭᠦᠷᠭᠡ ᠳᠤᠰᠢᠶᠠᠯ ᠢ ᠡᠭᠦᠷᠭᠡᠯᠡᠵᠤ ᠂ ᠪᠠᠭᠰᠢᠯᠠᠬᠤ ᠶᠢᠨ ᠶᠢᠡᠨ ᠵᠠᠪᠰᠠᠷ ᠪᠠᠶᠠᠯᠢᠭ ᠮᠤᠩᠭ᠋ᠤᠯ ᠰᠤᠶᠤᠯ ᠳᠠᠭᠠᠨ ᠪᠠᠭᠠᠬᠠᠨ ᠴᠤ ᠭᠡᠰᠡᠨ ᠨᠠᠮᠠᠷᠢ ᠬᠠᠠᠳᠢᠪ ᠡᠷᠭᠦᠭᠦ ᠭᠡᠵᠤ ᠪᠢᠷ᠎ᠠ ᠴᠢᠳᠠᠯ ᠶᠢᠡᠨ ᠴᠢᠮᠠᠯᠠᠯ ᠦᠭᠡᠶ ᠪᠠᠬᠠᠳᠠᠢ ᠰᠢᠮᠠᠳᠠᠢ ᠰᠢᠭᠤᠷᠬᠠᠢ᠌ᠯᠠᠵᠤ ᠶᠠᠪᠣᠨᠠᠮ ᠃

 

ᠰᠤᠶᠤᠯ ᠳᠡᠦᠭᠡ ᠡᠴᠡ ᠰᠤᠶᠤᠷᠬᠠᠭᠰᠠᠨ ᠣᠷᠮᠠᠰ ᠰᠡᠦᠡᠭᠢᠯᠭᠡ

ᠪᠢᠷ ᠴᠢᠯᠠᠭᠤᠨ᠎ᠠ ᠳᠦᠷᠭᠦᠵᠢᠭᠦᠯᠦᠭ᠍ᠰᠡᠨ ᠣᠭᠰᠠᠭ᠎ᠠ ᠦᠨᠳᠦᠰᠦ

 

ᠭᠦᠮᠦᠨᠯᠢᠭ᠌ ᠨᠥᠮᠵᠦᠭ᠌ ᠬᠠᠢ᠌ᠷ᠎ᠠ ᠶᠢ ᠨᠤᠳᠤᠭ ᠪᠠ ᠰᠤᠶᠤᠯ ᠮᠠᠨᠢ ᠰᠤᠶᠤᠷᠬᠠᠵᠤ ᠂ ᠬᠠᠢ᠌ᠷ᠎ᠠ ᠡᠴᠡ ᠣᠠᠳᠤᠷᠬᠤ ᠣᠷᠮ᠎ᠠ ᠣᠩᠭ᠋ᠤᠳ ᠨᠤᠳᠤᠭ ᠰᠤᠶᠤᠯ ᠳᠠᠭᠠᠨ ᠳᠡᠮᠡᠦᠯᠡᠳᠡᠭ᠌ ᠡᠴᠡ ᠳᠤᠷᠠᠳᠠᠢ ᠠᠵᠤ ᠪᠠᠨ ᠭᠢᠭᠦ ᠪᠠᠷ ᠯᠠ ᠣᠷᠮ᠎ᠠ ᠰᠡᠷᠭᠦᠵᠤ ᠪᠢᠯᠢᠭ᠌ ᠴᠠᠭᠢᠯᠳᠠᠭ ᠃ ᠦᠰᠦᠨ ᠪᠢᠷ ᠲᠡᠶ ᠣᠢ᠌ᠷᠠᠳᠤᠭᠰᠠᠨ ᠳᠠᠷᠠ ᠴᠠᠭ ᠡᠴᠡ ᠣᠳᠤ ᠪᠣᠯᠳᠠᠯ᠎ᠠ ᠣᠷᠠᠨ ᠪᠢᠴᠢᠯᠭᠡ ᠮᠠᠨᠢ ᠶᠤᠰᠤᠳᠠᠢ ᠪᠠᠶ᠎ᠠ ᠶᠢ ᠳᠠᠮᠢᠷᠵᠢᠭᠤᠯᠵᠤ ᠰᠠᠤᠠᠭᠢᠯ ᠢ ᠠᠷᠢᠭᠤᠰᠬᠠᠵᠤ ᠢᠷᠡᠭ᠍ᠰᠡᠨ ᠪᠢᠯᠠ ᠃

ᠣᠷᠠᠨ ᠪᠢᠴᠢᠯᠭᠡ ᠪᠣᠯ ᠨᠢᠭᠡ ᠶᠤᠰᠤᠨ ᠤ ᠣᠷᠮ᠎ᠠ ᠰᠡᠦᠡᠭᠢᠯᠭᠡ ᠶᠢᠨ ᠠᠵᠢᠯᠯᠠᠭ᠎ᠠ ᠪᠣᠯᠬᠤᠷ ᠠᠭᠤᠯᠭ᠎ᠠ ᠦᠭᠡᠶ ᠬᠤᠭᠤᠰᠤᠨ ᠣᠷᠠᠨ ᠪᠢᠴᠢᠯᠭᠡ ᠪᠠᠢ᠌ᠳᠠᠭ ᠦᠭᠡᠶ ᠃ ᠠᠭᠤᠯᠭ᠎ᠠ ᠨᠢ ᠣᠷᠠᠨ ᠪᠢᠴᠢᠯᠭᠡ ᠶᠢᠨ ᠶᠢᠡᠨ ᠰᠥᠭ᠌ ᠰᠦᠨᠠᠰᠤ ᠨᠢ ᠪᠠᠢ᠌ᠵᠤ ᠂ ᠣᠷᠠᠨ ᠰᠠᠢ᠌ᠬᠠᠨ ᠪᠢᠴᠢᠯᠭᠡ ᠵᠢᠷᠤᠯᠭ᠎ᠠ ᠨᠢ ᠠᠭᠤᠯᠭ᠎ᠠ ᠳᠤ ᠪᠠᠨ ᠭᠤᠸ᠎ᠠ ᠰᠠᠢ᠌ᠬᠠᠨ ᠪᠣᠳᠠᠳᠤ ᠳᠦᠷᠭᠦ ᠪᠠ ᠰᠦᠷ ᠰᠦᠯᠳᠡ ᠨᠢ ᠪᠣᠯᠳᠠᠭ ᠃ ᠳᠡᠭᠡᠭᠦ ᠪᠠᠷ ᠦᠨᠡᠨ ᠂ ᠰᠠᠢ᠌ᠨ ᠂ ᠰᠠᠢ᠌ᠬᠠᠨ ᠠᠭᠤᠯᠭ᠎ᠠ ᠡᠴᠡ ᠰᠠᠶ‍ᠢ ᠭᠤᠴᠤ ᠰᠠᠢ᠌ᠬᠠᠨ ᠪᠢᠴᠢᠯᠭᠡ ᠮᠡᠡᠳᠦᠯᠡᠳᠡᠭ᠌ ᠭᠡᠵᠤ ᠪᠢ ᠬᠤᠪᠢᠨ ᠳᠠᠭᠠᠨ ᠪᠣᠳᠤᠳᠠᠭ ᠃ ᠦᠨᠡᠨ ᠂ ᠰᠠᠢ᠌ᠨ ᠂ ᠰᠠᠢ᠌ᠬᠠᠨ ᠤ ᠠᠭᠤᠯᠭ᠎ᠠ ᠣᠷᠮᠠᠰ ᠢ ᠭᠦᠭ᠍ᠵᠢᠭᠡᠨ ᠳᠤᠭᠳᠤᠯᠤᠭᠤᠯᠵᠤ ᠂ ᠪᠢᠴᠢᠭᠦ ᠭᠡᠢ᠌ᠷᠭᠡᠯ ᠳᠤ ᠭᠦᠳᠦᠯᠳᠡᠭ᠌ ᠡᠴᠡ ᠪᠢᠴᠢᠯᠭᠡ ᠴᠤ ᠶᠠᠷᠤ ᠶᠢᠨ ᠪᠣᠯᠪᠠᠰᠤᠷᠠᠯ ᠤᠨ ᠵᠡᠷᠭᠡᠮᠵᠢ ᠡᠴᠡ ᠪᠠᠨ ᠳᠠᠪᠠᠯᠳᠠ ᠭᠠᠷᠬᠤ ᠥᠵᠡᠭ᠍ᠳᠡᠯ ᠪᠠᠢ᠌ᠩᠭ᠋ᠤ ᠲᠤᠬᠢᠶᠠᠯᠳᠤᠨ᠎ᠠ ᠃ ᠶᠠᠭ ᠡᠢ᠌ᠮᠤ ᠪᠣᠯᠬᠤᠷ ᠰᠤᠶᠤᠯ ᠡᠴᠡ ᠡᠰᠢᠳᠡᠢ ᠂ ᠣᠤᠠᠬ᠎ᠠ ᠡᠴᠢᠨ᠎ᠡ ᠨᠢᠭᠡ ᠥᠭᠡ ᠪᠣᠶᠤ ᠥᠭᠦᠯᠡᠪᠦᠷᠢ ᠲᠡᠶ ᠣᠴᠠᠷᠠᠬᠤ ᠊ᠭ᠍ᠱᠡᠨ᠎ᠡ ᠪᠠᠷᠢᠨ ᠳᠤᠤᠷ᠎ᠠ ᠨᠢ ᠪᠢᠴᠢᠶ᠎ᠠ ᠭᠡᠵᠤ ᠭᠦᠭ᠍ᠰᠡᠳᠡᠭ᠌ ᠶᠢᠡᠨ ᠪᠢ ᠦᠪᠡᠷ ᠶᠢᠡᠨ ᠴᠤ ᠭᠠᠢ᠌ᠬᠠᠳᠠᠭ ᠃ ᠳᠡᠭᠡᠵᠤ ᠳᠡᠭᠡᠭ᠍ᠰᠡᠭᠡᠷ ᠪᠢᠴᠢᠭᠦ ᠶᠢᠨ ᠳᠦᠯᠦᠭᠡ ᠯᠠ ᠪᠢᠴᠢᠭᠦ ᠪᠢᠰᠢ ᠂ ᠬᠠᠷᠢᠨ ᠮᠤᠩᠭ᠋ᠤᠯ ᠰᠤᠶᠤᠯ ᠤᠨ ᠶᠢᠡᠨ ᠮᠤᠯᠤᠷ ᠡᠷᠳᠡᠨᠢ ᠮᠠᠳᠤ ᠦᠨ᠎ᠡ ᠴᠠᠨ᠎ᠠ ᠲᠡᠶ ᠵᠣᠢ᠌ᠯᠠᠰ ᠢ ᠳᠦᠷᠢ ᠲᠡᠶ ᠂ ᠴᠤᠭᠴᠠ ᠲᠡᠶ ᠠᠮᠢᠯᠠᠭᠤᠯᠬᠤ ᠶᠢᠨ ᠳᠦᠯᠦᠭᠡ ᠵᠦᠳᠠᠷᠠᠯ ᠳᠦᠪᠠᠭ᠌ ᠪᠦᠭᠦᠨ ᠢ ᠳᠠᠪᠴᠢᠵᠤ ᠳᠠᠪᠴᠢᠶᠠᠷᠢᠳᠠᠢ ᠳᠤᠤᠱᠳᠠᠢ ᠪᠢᠴᠢᠳᠡᠭ᠌ ᠪᠣᠯᠤᠯ᠎ᠠ ᠃ ᠡᠨᠡ ᠨᠢ ᠮᠥᠩᠭᠡ ᠳᠡᠭ᠍ᠷᠢ ᠡᠴᠡ ᠮᠠᠨᠢ ᠨᠠᠮ᠎ᠠ ᠳᠤ ᠳᠠᠭᠠᠭᠠᠯᠭᠠᠭᠰᠠᠨ ᠳᠠᠰᠬᠠᠯ ᠭᠡᠵᠤ ᠪᠢ ᠣᠬᠠᠭᠠᠷᠠᠵᠤ ᠣᠢ᠌ᠯᠠᠭᠠᠵᠤ ᠪᠠᠢ᠌ᠨ᠎ᠠ ᠃

ᠮᠤᠩᠭ᠋ᠤᠯ ᠰᠤᠶᠤᠯ ᠤᠨ ᠶᠢᠡᠨ ᠳᠠᠩᠭᠢᠰ ᠳᠠᠯᠠᠢ ᠡᠴᠡ ᠳᠤᠰᠤᠯ ᠳᠤᠰᠤᠯ ᠶᠢᠡᠷ ᠰᠢᠮᠡᠦᠡᠭᠡᠨ ᠰᠢᠩᠭᠡᠭᠡᠵᠤ ᠡᠭᠢᠯᠡᠭ᠍ᠰᠡᠨ ᠡᠴᠡ ᠪᠢ ᠰᠠᠶ‍ᠢ ᠣᠷᠠᠨ ᠪᠢᠴᠢᠯᠭᠡᠳᠡᠨ ᠤ ᠵᠢᠩᠭᠢᠨᠢ ᠵᠥᠳᠡᠭᠦᠷᠢᠳᠤ ᠠᠶᠠᠨ ᠶᠢᠡᠨ ᠡᠯᠭᠦᠯ᠎ᠡ ᠭᠡᠵᠤ ᠪᠣᠳᠤᠳᠠᠭ ᠃ ᠦᠨᠡᠨ ᠢ ᠭᠡᠯᠡᠭᠦ ᠳᠤ ᠂ ᠣᠯᠠᠨ ᠵᠢᠯ ᠤᠨ ᠰᠤᠷᠭᠠᠭᠤᠯᠢ ᠶᠢᠨ ᠭᠦᠮᠦᠵᠢᠯ ᠡᠴᠡ ᠮᠠᠨᠤᠰ ᠲᠤ ᠮᠤᠩᠭ᠋ᠤᠯ ᠰᠤᠶᠤᠯ ᠤᠨ ᠮᠡᠳᠡᠯᠭᠡ ᠪᠣᠯᠪᠠᠰᠤᠷᠠᠯ ᠭᠦᠷᠳᠡᠭᠡᠭ᠍ᠰᠡᠨ ᠬᠤᠪᠢ ᠳᠤ ᠥᠨᠡᠭᠡᠷ ᠴᠢᠮᠠᠯᠠᠭᠳᠠᠮᠠᠷ ᠭᠡᠵᠤ ᠭᠡᠯᠡᠮᠡᠷ ᠃ ᠪᠢ ᠪᠣᠯ ᠪᠠᠭᠰᠢ ᠭᠦᠮᠤᠨ ᠂ ᠦᠰᠪᠦᠷᠢ ᠶᠢᠨ ᠨᠠᠰᠤᠨ ᠳᠤ ᠪᠠᠨ ᠦᠪᠡᠷ ᠲᠤ ᠮᠢᠨᠢ ᠳᠤᠳᠠᠭᠳᠠᠭᠰᠠᠨ ᠮᠤᠩᠭ᠋ᠤᠯ ᠰᠤᠶᠤᠯ ᠤᠨ ᠶᠢᠡᠨ ᠣᠭᠤᠷᠠᠭ ᠰᠢᠮ᠎ᠠ ᠶᠢ ᠣᠳᠤ ᠣᠮᠳᠠ ᠭᠦᠰᠡᠭ᠍ᠰᠡᠨ ᠴᠠᠩᠭ᠋ᠠᠮᠠᠯ ᠨᠤᠳᠤᠭ ᠲᠡᠶ ᠮᠢᠨᠢ ᠢᠵᠢᠯᠢᠭᠡᠨ ᠣᠢ᠌ ᠣᠯᠠᠨ ᠰᠤᠷᠤᠭᠴᠢᠤᠨ ᠲᠤ ᠪᠠᠨ ᠬᠠᠷᠠᠮᠨᠠᠯ ᠦᠭᠡᠶ ᠣᠯᠠᠮᠵᠢᠯᠠᠬᠤ ᠪᠣᠯ ᠡᠭᠡᠯ ᠮᠢᠨᠤ ᠡᠭᠦᠷᠭᠡ ᠬᠠᠷᠢᠭᠤᠴᠠᠯᠭ᠎ᠠ ᠭᠡᠵᠤ ᠰᠠᠨᠠᠳᠠᠭ ᠪᠦᠭᠡᠤᠨ ᠵᠢᠦᠡᠭᠦᠳᠡᠭ᠌ ᠃ ᠰᠤᠷᠭᠠᠭᠤᠯᠢ ᠪᠣᠯ ᠰᠤᠶᠤᠯ ᠤᠨ ᠥᠯᠦᠭᠡᠢ ᠂ ᠭᠡᠦᠭᠡᠤᠨ ᠤᠨ ᠮᠢᠨᠢ ᠭᠦᠮᠤᠨ ᠪᠣᠯᠬᠤ ᠡᠭᠢᠯᠡᠯᠳᠡ ᠶᠢᠨ ᠥᠷᠳᠡᠭᠡ ᠃ ᠬᠤᠯᠠ ᠶᠢᠨ ᠠᠶᠠᠨ ᠳᠤ ᠮᠤᠷᠳᠠᠬᠤ ᠠᠯᠳᠠᠨ ᠳᠦᠷᠦᠭᠡ ᠃ ᠡᠨᠡ ᠥᠯᠦᠭᠡᠢ ᠂ ᠡᠨᠡ ᠥᠷᠳᠡᠭᠡ ᠂ ᠡᠨᠡ ᠳᠦᠷᠦᠭᠡᠨ ᠳᠡᠭᠡᠷ᠎ᠡ ᠭᠢᠯᠠᠯᠵᠠᠨ ᠮᠥᠩᠭᠡᠷᠡᠭᠦ ᠣᠭᠠᠯᠵᠠ ᠭᠡ ᠶᠢ ᠮᠤᠩᠭ᠋ᠤᠯ ᠣᠶᠤᠨ ᠶᠢᠡᠷ ᠶᠢᠡᠨ ᠰᠡᠢ᠌ᠯᠭᠦ ᠦᠦ ᠡᠰᠡᠭᠦᠯ᠎ᠡ ᠴᠠᠭ ᠤᠨ ᠥᠩᠭᠡ ᠳᠤ ᠳᠤᠯᠳᠣᠢ᠌ᠳᠤᠭᠰᠠᠨ ᠣᠠᠳᠤᠤ ᠰᠡᠦᠡᠭᠢᠭᠦᠢ ᠪᠠᠷ ᠰᠡᠢ᠌ᠯᠪᠦᠷᠢᠯᠡᠭᠦ ᠦᠦ ᠭᠡᠳᠡᠭ᠌ ᠨᠢ ᠭᠢᠴᠢᠶᠠᠯ ᠭᠦᠮᠦᠵᠢᠯ ᠢ ᠶᠠᠮᠠᠷ ᠵᠠᠮ ᠵᠢᠷᠤᠮ ᠶᠢᠡᠷ ᠵᠢᠯᠤᠭᠤᠤᠠᠬᠤ ᠡᠴᠡ ᠰᠢ᠌ᠳᠤᠨ᠎ᠠ ᠭᠡᠵᠤ ᠪᠣᠳᠤᠨ᠎ᠠ ᠃

ᠰᠤᠷᠭᠠᠭᠤᠯᠢ ᠡᠴᠡ ᠳᠠᠭᠠᠭᠠᠯᠭᠠᠭᠰᠠᠨ ᠠᠰᠠᠷ ᠤᠨ ᠭᠤᠳᠤᠮ ᠪᠠ ᠠᠩᠭᠢ ᠶᠢᠨ ᠭᠡᠷ ᠢ ᠴᠢᠮᠡᠭᠯᠡᠭᠦ ᠭᠡᠴᠡᠭᠦᠤ ᠡᠭᠦᠷᠭᠡ ᠶᠢ ᠭᠦᠯᠢᠶᠡᠨ ᠠᠪᠣᠭᠰᠠᠨ ᠮᠦᠴᠡ ᠡᠴᠡ ᠣᠯᠠᠨ ᠶᠠᠭᠤᠮ᠎ᠠ ᠰᠠᠤᠠᠭᠢᠯ᠎ᠠ ᠂ ᠣᠯᠠᠨ ᠮᠠᠲ᠋ᠸᠷᠢᠶᠠᠯ ᠴᠤᠭᠯᠠᠭᠤᠯᠵᠤ ᠣᠷᠪᠠᠭᠤᠯᠤᠯ᠎ᠠ ᠂ ᠣᠯᠠᠨ ᠭᠦᠮᠤᠨ ᠲᠡᠶ ᠵᠦᠪᠯᠠᠵᠤ ᠰᠤᠷᠠᠯ᠎ᠠ ᠂ ᠣᠯᠠᠨ ᠳᠠᠭᠢᠨ ᠭᠢᠵᠤ ᠵᠠᠰᠠᠵᠤ ᠦᠵᠡᠯ᠎ᠠ ᠃ ᠳᠡᠭᠡᠭᠡᠤᠨ ᠪᠦᠭᠦ ᠠᠭᠤᠯᠭ᠎ᠠ ᠪᠠᠷ ᠨᠢ ᠮᠤᠩᠭ᠋ᠤᠯ ᠳᠡᠦᠭᠡ ᠰᠤᠶᠤᠯ ᠤᠨ ᠣᠤᠠᠬ᠎ᠠ ᠰᠠᠳᠤᠪ ᠢ ᠬᠠᠷᠠᠭᠤᠯᠬᠤ ᠬᠠᠷᠠᠯᠳᠠ ᠵᠤᠷᠢᠯᠳᠠ ᠳᠤᠭᠳᠠᠭᠠᠵᠤ ᠬᠠᠳᠠᠭᠤᠵᠢᠯᠳᠠᠢ ᠠᠵᠢᠯ ᠶᠢᠡᠨ ᠭᠦᠴᠢᠷᠳᠡᠯᠳᠡᠢ ᠡᠭᠢᠯᠡᠭᠦᠯᠦᠭ᠍ᠰᠡᠨ ᠶᠤᠮ ᠃ ᠳᠦᠴᠢ ᠶ‍ᠢᠰᠤᠨ ᠦᠪᠡᠷ ᠬᠤᠰᠢᠭᠤᠳ ᠶᠢᠡᠨ ᠪᠠᠯᠭᠡᠳᠡᠭ᠍ᠰᠡᠨ ᠂ ᠪᠢᠴᠢᠯᠭᠡ ᠵᠢᠷᠤᠭ ᠣᠶᠠᠯᠳᠤᠭᠤᠯᠤᠭᠰᠠᠨ 49 ᠣᠷᠠᠨ ᠪᠦᠳᠦᠭᠡᠯ ᠶᠢᠡᠨ ᠠᠰᠠᠷ ᠤᠨ ᠭᠤᠳᠤᠮ ᠳᠤ ᠳᠡᠭ᠍ᠳᠡᠷ ᠬᠤᠪᠢᠶᠠᠨ ᠡᠯᠭᠦᠭᠦ ᠦᠶᠡᠰ ᠰᠠᠤᠠᠭᠢᠯ ᠳᠤ ᠪᠠᠨ ᠪᠢ ᠄ 《ᠭᠡᠦᠭᠡᠤᠨ ᠤᠳ ᠮᠢᠨᠢ ᠂ ᠳᠠ ᠨᠡᠷ ᠲᠠᠭᠠᠨ ᠪᠠᠭᠠᠳᠤᠷᠯᠢᠭ ᠳᠡᠦᠭᠡ ᠪᠠᠷᠠᠭᠳᠠᠰᠢ ᠦᠭᠡᠶ ᠭᠦᠡᠵᠡᠭᠡᠢ ᠰᠤᠶᠤᠯ ᠤᠨ ᠪᠠᠭ᠎ᠠ ᠰᠠᠭ᠎ᠠ ᠵᠠᠬ᠎ᠠ ᠵᠤᠬ᠎ᠠ ᠡᠴᠡ ᠨᠢ ᠶᠠᠷᠢᠵᠤ ᠦᠭ‍ᠭᠦᠯ᠎ᠡ ᠂ ᠴᠢᠨᠠᠭᠰᠢ ᠣᠢ᠌ᠯᠠᠭᠠᠵᠤ ᠣᠬᠠᠭᠠᠷᠠᠬᠤ ᠪᠣᠯ ᠳᠠ ᠨᠡᠷ ᠤᠨ ᠵᠠᠢ᠌ᠯᠠᠭᠤᠯᠵᠤ ᠪᠣᠯᠤᠰᠢ ᠦᠭᠡᠶ ᠬᠠᠷᠢᠭᠤᠴᠠᠯᠭ᠎ᠠ ᠰᠢᠤ》 ᠭᠡᠵᠤ ᠳᠤᠭᠳᠤᠯᠤᠩᠬᠠᠨ ᠪᠣᠳᠤᠭᠰᠠᠨ ᠃ ᠳᠡᠳᠡᠭᠡᠷ ᠪᠦᠳᠦᠭᠡᠯ ᠤᠳ ᠡᠴᠡ ᠭᠡᠳᠤ ᠶᠢ ᠰᠤᠩᠭ᠋ᠤᠵᠤ ᠡ᠊ᠡᠳᠡ ᠳᠡᠭᠦᠪᠦᠷᠢᠯᠡᠭᠦ ᠳᠤ ᠪᠠᠨ ᠪᠣᠳᠤᠭᠰᠠᠨ ᠂ ᠭᠢᠭ᠍ᠰᠡᠨ ᠳᠤ ᠪᠠᠨ ᠰᠠᠤᠠᠭᠢᠯ ᠳᠦᠭᠦᠷᠡᠩ ᠪᠠᠢ᠌ᠨ᠎ᠠ ᠭᠡᠳᠡᠭ᠌ ᠶᠢᠡᠨ ᠡ᠊ᠡᠳᠡ ᠶᠠᠷᠢᠮᠠᠷ ᠪᠠᠢ᠌ᠨ᠎ᠠ ᠃

ᠮᠤᠩᠭ᠋ᠤᠯ ᠪᠣᠯ ᠪᠠᠶᠠᠯᠢᠭ ᠭᠦᠨ ᠴᠢᠯᠠᠭᠤᠨ ᠰᠤᠶᠤᠯ ᠲᠡᠶ ᠦᠨᠳᠦᠰᠦᠳᠠᠨ ᠶᠤᠮ ᠃ ᠠᠯᠢ ᠡᠷᠳᠡ 1225 ᠣᠨ ᠤ ᠦᠶ᠎ᠡ ᠪᠠᠷ ᠪᠣᠭᠳᠠ ᠴᠢᠩᠭᠢᠰ ᠤᠨ ᠪᠠᠭᠠᠳᠤᠷ ᠳᠡᠭᠦᠤ ᠳᠠᠢ᠌ᠯ ᠪᠣᠭᠳᠠ ᠬᠠᠰᠠᠷ ᠤᠨ ᠭᠦᠤ ᠶ‍ᠢᠰᠦᠩᠭᠡ 335 ᠠᠯᠳᠠᠰ ᠤᠨ ᠬᠠᠷᠠᠯᠳᠠ ᠶᠢ ᠣᠨᠤᠬᠤᠯᠠᠷ ᠴᠢᠯᠠᠭᠤᠨ ᠳᠤ ᠰᠠᠢ᠌ᠯᠵᠤ ᠳᠡᠮᠳᠡᠭᠯᠡᠨ ᠡᠳᠦᠭᠡ ᠭᠦᠷᠴᠡᠢ ᠃ ᠮᠤᠩᠭ᠋ᠤᠯ ᠨᠤᠳᠤᠭ ᠤᠨ ᠮᠢᠨᠢ ᠠᠯᠢ ᠴᠤ ᠨᠤᠳᠤᠭ ᠣᠷᠤᠨ ᠳᠤ ᠳᠦᠭᠡᠭ᠍ᠰᠡᠨ ᠬᠠᠳᠠᠨ ᠵᠢᠷᠤᠭ ᠂ ᠱᠠᠩᠳᠤ ᠶᠢᠨ ᠰᠢᠷ᠎ᠠ ᠳᠠᠯ᠎ᠠ ᠶᠢᠨ ᠰᠢᠷᠬ᠎ᠠ ᠲᠡᠶ ᠭᠦᠮᠤᠨ ᠴᠢᠯᠠᠭᠤ ᠂ ᠣᠭᠰᠠᠭᠠᠨ ᠤ ᠣᠠᠳᠠᠷᠠᠰᠢ ᠦᠭᠡᠶ ᠮᠥᠩᠭᠡ ᠭᠠᠯ ᠢ ᠦᠶ᠎ᠡ ᠳᠠᠮᠵᠢᠨ ᠳᠦᠷᠡᠯᠵᠢᠭᠦᠯᠦᠭ᠍ᠰᠡᠨ ᠳᠤᠯᠭ᠎ᠠ ᠶᠢᠨ ᠭᠤᠷᠪᠠᠨ ᠴᠢᠯᠠᠭᠤ ᠭᠡᠭᠦᠴᠢᠯᠡᠨ ᠡᠳᠦᠷ ᠳᠤᠳᠤᠮ ᠤᠨ ᠠᠮᠢᠳᠤᠷᠠᠯ ᠡᠴᠡ ᠪᠠᠨ ᠥᠷᠯᠦᠭ᠌ ᠲᠦᠷᠦ ᠶᠢᠨ ᠳᠠᠮᠠᠭ᠎ᠠ ᠭᠦᠷᠳᠡᠯ᠎ᠡ ᠂ ᠴᠢᠯᠠᠭᠤᠨ ᠳᠤ ᠰᠢᠩᠭᠡᠵᠤ ᠂ ᠴᠢᠯᠠᠭᠤᠳ ᠰᠢᠭ ᠬᠠᠳᠠᠭᠤᠵᠢᠨ ᠮᠥᠩᠭᠡᠵᠢᠭ᠍ᠰᠡᠨ ᠪᠠᠢ᠌ᠳᠠᠭ ᠃ ᠦᠨᠡᠳᠠᠢ ᠦᠪ ᠴᠠᠨᠠᠳᠠᠢ ᠴᠠᠳᠢᠭ ᠶᠢᠡᠨ ᠴᠢᠯᠠᠭᠤᠨ ᠳᠡᠭᠡᠷ᠎ᠡ ᠰᠠᠢ᠌ᠯᠵᠤ ᠥᠯᠡᠳᠡᠭᠡᠳᠡᠭ᠌ ᠰᠤᠶᠤᠯᠳᠤ ᠳᠡᠭᠡᠳᠦᠰ ᠲᠡᠶ ᠳᠤ ᠪᠠᠨ ᠪᠢ ᠳᠤᠡᠭ᠌ ᠣᠮᠤᠭᠰᠢᠳᠠᠭ ᠃ ᠳᠡᠭᠡᠭᠦ ᠪᠠᠷ ᠶᠠᠰᠤ ᠴᠢᠰᠤᠨ᠎ᠠ ᠨᠡᠪᠴᠢᠭ᠍ᠰᠡᠨ ᠰᠤᠶᠤᠯ ᠤᠨ ᠣᠳᠤᠮᠰᠢᠯ ᠠᠷᠠᠠᠰᠢᠨ ᠶᠢᠡᠷ ᠰᠤᠨᠢᠨ ᠭᠤᠶᠤ ᠴᠢᠯᠠᠭᠤ ᠬᠠᠷᠠᠭᠳᠠᠭᠰᠠᠭᠠᠷ ᠰᠠᠢ᠌ᠯᠵᠤ ᠣᠷᠠᠯᠠᠶ᠎ᠠ ᠭᠡᠵᠤ ᠰᠠᠨᠠᠳᠠᠭ ᠃ ᠳᠠᠷᠠ ᠳᠤᠰᠤᠮ ᠶᠢᠡᠨ ᠮᠤᠩᠭ᠋ᠤᠯ ᠰᠤᠶᠤᠯ ᠤᠨ ᠪᠠᠢ᠌ᠭᠠᠯᠢᠯᠢᠭ ᠣᠤᠷ ᠴᠢᠨᠠᠷ ᠢ ᠮᠦᠷᠳᠠᠵᠤ ᠂ ᠴᠢᠯᠠᠭᠤᠨ ᠤ ᠣᠤᠯ ᠭᠡᠯᠪᠠᠷᠢ ᠳᠦᠷᠭᠦ ᠶᠢ ᠴᠢᠳᠠᠬᠣᠢ᠌ᠴᠠ ᠬᠠᠳᠠᠭᠠᠯᠠᠨ ᠰᠡᠢ᠌ᠯᠭᠦ ᠶᠢ ᠣᠠᠴᠠ ᠠᠩᠬᠠᠷᠳᠠᠭ ᠃ ᠶᠡᠭᠡ ᠮᠤᠩᠭ᠋ᠤᠯ ᠣᠯᠤᠰ ᠪᠠᠢ᠌ᠭᠤᠯᠤᠭᠳᠠᠭᠰᠠᠨ ᠨᠢ᠋ᠮᠠᠨ ᠵᠠᠭᠤᠨ ᠵᠢᠯ ᠤᠨ ᠣᠢ ᠂ ᠣᠢ᠌ᠭᠤᠷᠵᠢᠨ ᠮᠤᠩᠭ᠋ᠤᠯ ᠥᠰᠦᠭ᠌ ᠮᠢᠨᠢ ᠲᠦᠷᠦ ᠶᠢᠨ ᠥᠰᠦᠭ᠌ ᠪᠣᠯᠤᠭᠰᠠᠨ ᠨᠢ᠋ᠮᠠᠨ ᠵᠠᠭᠤᠨ ᠵᠢᠯ ᠤᠨ ᠣᠢ ᠶᠢᠨ ᠳᠤᠷᠠᠰᠬᠠᠯᠳᠤ ᠶᠡᠭᠡ ᠪᠠᠶᠠᠷ ᠲᠤ ᠵᠤᠷᠢᠭᠤᠯᠤᠨ ᠳᠤᠰᠬᠠᠢ᠌ᠯᠠᠨ ᠣᠷᠠᠯᠠᠵᠤ ᠰᠡᠢ᠌ᠯᠦᠭ᠍ᠰᠡᠨ ᠂ ᠵᠢᠴᠢ ᠪᠣᠰᠤᠳ ᠣᠯᠠᠨ ᠳᠠᠮᠠᠭ᠎ᠠ ᠰᠠᠢ᠌ᠯᠤᠮᠠᠯ ᠢ ᠡ᠊ᠡᠳᠡ ᠰᠤᠩᠭ᠋ᠤᠨ ᠳᠡᠭᠦᠪᠦᠷᠢᠯᠡᠯ᠎ᠡ ᠃ ᠪᠦᠰᠡᠭᠦᠢ ᠂ ᠴᠢᠯᠠᠭᠤ ᠬᠤᠶᠠᠷ ᠶᠠᠷᠢᠯᠴᠠᠵᠤ ᠬᠠᠷᠢᠯᠴᠠᠭᠰᠠᠨ ᠪᠦᠳᠦᠭᠡᠯ ᠳᠤ ᠮᠢᠨᠢ ᠣᠷ᠎ᠠ ᠠᠪᠢᠶᠠᠰ ᠬᠤᠮᠰᠠᠳᠠᠭᠰᠠᠨ ᠪᠠᠢ᠌ᠵᠤ ᠮᠠᠳᠠᠨ᠎ᠠ ᠂ ᠢᠳᠠ ᠳᠠᠮᠢᠷ ᠳᠤᠳᠠᠭᠳᠠᠭᠰᠠᠨ ᠪᠠᠢ᠌ᠵᠤ ᠪᠣᠯᠤᠨ᠎ᠠ ᠂ ᠭᠡᠪᠠᠴᠤ ᠨᠢᠭᠡ ᠣᠷᠠᠨ ᠪᠢᠴᠢᠯᠭᠡᠳᠡᠨ ᠳᠤ ᠠᠪᠴᠤ ᠭᠡᠯᠡᠪᠠᠯ ᠣᠷᠠᠨ ᠪᠦᠳᠦᠭᠡᠯ ᠨᠢ ᠳᠡᠭᠦᠨ ᠤ ᠶᠠᠪᠣᠵᠤ ᠥᠩᠭᠡᠷᠡᠭᠦᠯᠦᠭ᠍ᠰᠡᠨ ᠳᠡᠦᠭᠡ ᠶᠢᠨ ᠣᠯᠠ ᠮᠦᠷ ᠤᠨ ᠠᠭᠰᠢᠭᠠᠯ ᠬᠤᠷᠢᠶᠠᠩᠭ᠋ᠣᠢ᠌ᠯᠠᠯ ᠂ ᠮᠦᠨ ᠴᠤ ᠨᠠᠰᠤᠨ ᠳᠤᠷᠰᠢᠭᠢ ᠴᠥᠭᠦᠷᠡᠵᠤ ᠴᠤᠴᠠᠰᠢ ᠦᠭᠡᠶ ᠡᠷᠢᠯ ᠭᠦᠭᠡᠭᠡᠴᠡᠯᠳᠦᠯ ᠤᠨ ᠭᠢᠨᠢ ᠪᠠᠷᠢᠮᠳᠠ ᠳᠡᠮᠳᠡᠭᠯᠡᠯ ᠪᠣᠯᠳᠠᠭ ᠣᠴᠢᠷ ᠰᠠᠤᠠᠭᠢᠯ ᠤᠨ ᠳᠠᠮᠢᠷ ᠮᠠᠨᠢ ᠳᠠᠨᠢᠭᠢᠷ ᠴᠢᠯᠠᠭᠤ ᠰᠢᠭ ᠣᠶᠠᠨ ᠬᠠᠳᠠᠨ ᠪᠠᠢ᠌ᠯ᠎ᠠ ᠭᠡᠳᠡᠭ᠌ ᠢ ᠣᠯᠳᠤᠢ ᠪᠦᠳᠦᠭᠡᠯ ᠤᠳ ᠮᠠᠨᠢ ᠭᠡᠷᠡᠴᠢᠯᠡᠭᠦ ᠪᠣᠯᠪᠠ ᠦᠦ ᠭᠡᠮᠡᠨ ᠳᠠᠭᠠᠤᠠᠬᠠᠵᠤ ᠪᠣᠢ ᠃

ᠠᠯᠪᠠᠨ ᠡᠴᠡ ᠡᠷᠭᠢᠯᠡᠭ᠍ᠰᠡᠨ ᠡᠢ᠌ᠮᠤ ᠳᠠᠢ᠌ᠮᠤ ᠥᠵᠡᠭᠦᠯᠦᠯᠭᠡ ᠭᠠᠷᠭᠠᠯᠭ᠎ᠠ ᠳᠤ ᠣᠨᠤᠭᠳᠠᠭᠰᠠᠨ ᠣᠷᠠᠯᠠᠯ ᠪᠢᠴᠢᠭᠡᠰᠤ ᠨᠤᠭᠤᠳ ᠶᠢᠡᠨ ᠵᠠᠬ᠎ᠠ ᠳᠠᠷᠠᠭᠠᠯᠠᠨ ᠰᠢᠭ᠍ᠰᠢᠵᠤ ᠳᠤᠩᠭ᠋ᠠᠬᠤ ᠳᠤ ᠪᠠᠨ ᠳᠤᠤᠱᠳᠠᠢ ᠰᠢᠰᠲ᠋ᠸᠮᠵᠢᠵᠤ ᠳᠡᠢ᠌ᠯᠦᠭᠡ ᠦᠭᠡᠶ ᠂ ᠢᠯᠠ ᠨᠢᠭᠤᠴᠠᠭᠠᠢ ᠰᠤᠶᠤᠯᠯᠢᠭ ᠭᠡᠯᠭᠢᠶ᠎ᠡ ᠪᠦᠷᠢᠯᠳᠦᠭᠡ ᠦᠭᠡᠶ ᠶᠠᠭᠤᠮ᠎ᠠ ᠴᠤ ᠨᠠᠯᠢᠶᠠᠤᠨ ᠪᠠᠢ᠌ᠵᠠᠢ ᠭᠡᠳᠡᠭ᠌ ᠢ ᠳᠠᠨᠢᠵᠤ ᠣᠬᠠᠭᠠᠷᠠᠬᠤ ᠳᠤ ᠪᠠᠨ ᠭᠦᠩᠭᠡᠨ ᠬᠠᠭᠤᠮᠠᠭᠠᠢ ᠥᠩᠭᠡᠷᠡᠭᠡᠵᠤ ᠣᠳᠤᠭᠰᠠᠨ ᠡᠳᠦᠷ ᠬᠤᠨᠤᠭ ᠤᠳ ᠶᠢᠡᠨ ᠥᠭᠡᠢ᠌ᠯᠡᠨ᠂ ᠬᠠᠷᠠᠮᠰᠠᠯ ᠤᠨ ᠳᠦᠯᠦᠭᠡᠨ᠎ᠡ ᠳᠡᠮᠳᠡᠭᠯᠡᠨ ᠬᠤᠴᠤᠷᠭᠠᠬᠤ ᠶᠢ ᠴᠤ ᠰᠠᠨᠠᠨᠠᠮ ᠃

《ᠭᠡᠳᠦᠢ ᠦᠨᠳᠦᠰᠦᠳᠠᠨ ᠤ ᠪᠣᠯᠬᠤ ᠳᠤᠳᠤᠮ ᠳᠠᠳᠤᠢ ᠳᠡᠯᠡᠭᠡᠢ ᠶᠢᠨ ᠪᠣᠯᠳᠠᠭ》 ᠭᠡᠳᠡᠭ᠌ ᠃ ᠭᠡᠳᠦᠢ ᠦᠪᠡᠷ ᠤᠨ ᠪᠣᠯᠬᠤ ᠳᠤᠳᠤᠮ ᠳᠠᠳᠤᠢ ᠦᠨᠳᠦᠰᠦᠳᠠᠨ ᠤ ᠪᠣᠯᠳᠠᠭ ᠪᠣᠯᠪᠠ ᠦᠦ ᠭᠡᠵᠤ ᠪᠢ ᠣᠢ᠌ᠯᠠᠭᠠᠳᠠᠭ ᠃ ᠳᠤᠶᠠᠭ᠎ᠠ ᠨᠠᠷ᠎ᠠ ᠪᠠᠷ ᠭᠡᠪᠯᠡᠭ᠍ᠳᠡᠨ ᠭᠠᠷᠬᠤ ᠪᠦᠳᠦᠭᠡᠯ ᠤᠳ ᠤᠨ ᠮᠠᠨᠢ ᠣᠤᠠᠬ᠎ᠠ ᠣᠴᠢᠷ ᠦᠨ᠎ᠡ ᠥᠷᠳᠡᠭ᠌ ᠨᠢ ᠦᠨᠳᠦᠰᠦᠳᠠᠨ ᠶᠠᠰᠤᠳᠠᠨ ᠤ ᠰᠤᠶᠤᠯ ᠳᠤ ᠣᠳᠤᠮ ᠳᠠᠮᠠᠭᠠᠯᠠᠭᠰᠠᠨ ᠭᠦᠭᠡ ᠳᠤᠯᠪᠣ ᠂ ᠣᠷᠮᠠᠰ ᠣᠶᠠᠩᠭ᠋ᠠᠷᠠᠬᠤ ᠴᠠᠭᠠᠨ ᠳᠤᠯᠤᠭᠠᠢ ᠮᠠᠳᠤ ᠂ ᠱᠥᠷᠭᠡᠢ ᠳᠦᠭᠦᠭᠡᠢ ᠴᠤ ᠣᠩᠰᠢᠭᠴᠢ ᠲᠦᠮᠡᠨ ᠤ ᠪᠠᠨ ᠠᠯᠳᠠᠨ ᠮᠠᠯᠮᠠᠢ ᠳᠤ ᠳᠠᠭᠠᠰᠢᠶᠠᠭᠳᠠᠵᠤ ᠠᠵᠠ ᠶᠢᠨ ᠳᠡᠭ᠍ᠷᠢ ᠳᠤ ᠢᠪᠠᠭᠡᠭ᠍ᠳᠡᠪᠠᠯ ᠳᠡᠭ᠍ᠷᠢᠯᠢᠭ᠌ ᠮᠤᠩᠭ᠋ᠤᠯ ᠰᠤᠶᠤᠯ ᠮᠢᠨᠢ ᠳᠡᠦᠡᠭᠦᠵᠤ ᠬᠠᠢ᠌ᠷᠠᠯᠠᠭᠰᠠᠨ ᠭᠡᠮᠡᠨ ᠰᠠᠤᠠᠭᠢᠯ ᠭᠦᠢᠴᠡᠨ᠎ᠡ ᠃

ᠪᠦᠳᠦᠭᠡᠯ ᠮᠠᠨᠢ ᠨᠤᠮ ᠪᠣᠯᠵᠤ ᠭᠡᠪᠯᠡᠭ᠍ᠳᠡᠭᠦ ᠶᠠᠪᠣᠴᠠ ᠳᠤ ᠣᠯᠠᠨ ᠰᠠᠢ᠌ᠬᠠᠨ ᠭᠦᠮᠦᠰ ᠤᠨ ᠬᠠᠢ᠌ᠷ᠎ᠠ ᠬᠠᠯᠠᠮᠵᠢ ᠶᠢ ᠭᠦᠷᠳᠡᠭ᠍ᠰᠡᠨ ᠪᠢᠯᠠ ᠂ ᠡᠡᠳᠡ ᠪᠢ ᠰᠠᠤᠠᠭᠢᠯ ᠤᠨ ᠴᠠᠭᠠᠨ ᠬᠠᠳᠠᠭ ᠶᠢᠡᠨ ᠳᠡᠯᠭᠡᠵᠤ ᠂ ᠳᠤᠰ ᠳᠠᠪᠳᠠᠷ ᠢ ᠳᠡᠭᠦᠪᠦᠷᠢᠯᠡᠵᠤ ᠨᠠᠢ᠌ᠷᠠᠭᠤᠯᠬᠤ ᠶᠠᠪᠣᠴᠠ ᠳᠤ ᠳᠡᠦᠡᠭᠦᠵᠤ ᠳᠠᠮᠵᠢᠵᠤ ᠶᠠᠪᠣᠭᠰᠠᠨ ᠭᠤᠷᠯᠤᠳ ᠬᠠᠰᠪᠠᠷᠰ ᠂ ᠡᠷᠳᠡᠮᠳᠤ ᠂ ᠪ᠊·ᠵᠤᠷᠢᠭᠳᠤ ᠂ ᠪᠣᠶᠠᠠᠳᠤᠭᠳᠠᠬᠤ ᠵᠡᠷᠭᠡ ᠮᠤᠩᠭ᠋ᠤᠯᠴᠢ ᠡᠷᠳᠡᠮᠳᠡᠳ ᠪᠠ ᠭᠦᠡᠳᠦᠳᠤ ᠪᠠᠭᠰᠢ ᠪᠠᠢ ᠪᠦᠭᠡ ᠂ ᠳ·ᠪᠣᠶᠠᠨ ᠂ ᠳᠦᠪᠭᠡᠷᠡᠯᠳᠤ ᠂ ᠬᠠᠭᠤᠴᠢᠬᠦ᠋ᠤ ᠂ ᠵᠠᠯᠠᠭᠤ ᠰᠢᠯᠦᠭ᠍ᠴᠢ ᠳᠠᠮᠤᠷᠪᠠᠭᠠᠨ᠎ᠠ ᠂ ᠳ᠋᠊·ᠡᠷᠳᠡᠨᠢᠪᠠᠭᠠᠨ᠎ᠠ ᠂ ᠬᠠᠮᠳᠤ ᠠᠵᠢᠯᠯᠠᠭᠴᠢ ᠳᠤᠩᠭ᠋ᠠᠯᠠᠭ ᠂ ᠨᠠᠷᠠ ᠵᠢᠴᠢ ᠳᠤᠭᠤᠨᠤ ᠲᠡᠶ ᠭᠡᠷ ᠲᠤ ᠳᠤᠯᠤᠭᠠᠢ ᠬᠤᠯᠪᠤᠨ ᠳᠤᠰᠤ ᠲᠡᠶ ᠳᠤᠭᠤᠭᠠᠨ ᠳᠤ ᠬᠤᠰᠢᠭᠤ ᠬᠤᠯᠪᠣᠭᠰᠠᠨ 《ᠨᠠᠷᠠᠨ ᠤ ᠥᠭᠡᠳᠡᠰᠤ》 ᠥᠷᠦᠭᠡ ᠳᠤ ᠮᠢᠨᠢ ᠡᠭᠦᠷᠢᠳᠡ ᠶᠢᠨ ᠳᠦᠰᠢᠭ᠌ ᠳᠤᠯᠭᠠᠭᠤᠷᠢ ᠪᠣᠯᠤᠭᠰᠠᠨ ᠠᠯᠳᠠᠠᠬᠤᠶᠠᠭ ᠠᠪᠣᠭᠠᠢ ᠂ ᠬᠠᠢ᠌ᠷᠠᠳᠤ ᠬᠤᠶᠠᠷ ᠦᠬᠢᠨ ᠦᠷ᠎ᠡ ᠣᠠᠳᠤᠷᠤᠮᠠᠯ ᠂ ᠥᠭᠡᠳᠡ ᠨᠡᠷ ᠲᠤ ᠪᠠᠨ ᠴᠢᠩ ᠰᠠᠤᠠᠭᠢᠯ ᠤᠨ ᠪᠠᠶᠠᠷ ᠳᠠᠯᠠᠷᠬᠠᠯ ᠶᠢᠡᠨ ᠥᠵᠦᠭ᠌ ᠶᠢᠡᠷ ᠪᠢᠰᠢ ᠦᠷᠦ ᠪᠠᠷ ᠶᠢᠡᠨ ᠂ ᠥᠰᠦᠭ᠌ ᠶᠢᠡᠷ ᠪᠣᠰᠤ ᠰᠠᠤᠠᠭᠢᠯ ᠶᠢᠡᠷ ᠶᠢᠡᠨ ᠳᠡᠮᠳᠡᠭᠯᠡᠵᠤ ᠥᠯᠡᠳᠡᠭᠡᠶ᠎ᠡ ︕

ᠮᠤᠩᠭ᠋ᠤᠯ ᠪᠢᠴᠢᠭ᠌ ᠮᠢᠨᠢ ᠰᠦᠯᠳᠡ ᠪᠣᠰᠤᠭ᠎ᠠ ᠳᠦᠷᠢ ᠪᠠᠷ ᠶᠢᠡᠨ ᠶ‍ᠢᠷᠳᠢᠠᠴᠤ ᠶᠢᠨ ᠬᠠᠷᠠᠭᠠᠨ᠎ᠠ ᠮᠥᠩᠭᠡᠷᠡᠭᠦ ᠪᠣᠯᠳᠤᠭᠠᠢ ︕

 

ᠵᠤᠬᠢᠶᠠᠭᠴᠢ ᠡᠴᠡ

2006 ᠣᠨ ᠤ 7 ᠰᠠᠷ᠎ᠠ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃