ᠬᠠᠢ᠌ᠱᠠᠨ

ᠬᠠᠢ᠌ᠱᠠᠨ ᠂ ᠡᠷᠡᠭ᠍ᠳᠡᠢ ᠂ ᠮᠤᠩᠭ᠋ᠤᠯ ᠦᠨᠳᠦᠰᠦᠳᠠᠨ ᠃ ᠦᠨᠦ ᠭᠦᠯᠤᠨ ᠪᠣᠢ᠌ᠷ ᠳᠡᠭᠡᠳᠤ ᠰᠤᠷᠭᠠᠭᠤᠯᠢ ᠶᠢᠨ ᠣᠷᠠᠨ ᠵᠤᠬᠢᠶᠠᠯ ᠤᠨ ᠳᠠᠳ᠋ ᠫᠷᠤᠹᠸᠰᠰᠤᠷ ᠂ ᠵᠠᠯᠭᠠᠨ ᠭᠦᠮᠦᠵᠢᠭᠦᠯᠭᠦ ᠰᠤᠷᠭᠠᠭᠤᠯᠢ ᠶᠢᠨ ᠵᠠᠭᠢᠳᠠᠯ ᠶᠢᠡᠷ ᠰᠤᠷᠭᠠᠬᠤ ᠰᠠᠯᠠᠭᠠᠨ ᠤ ᠰᠠᠯᠠᠭᠠᠨ ᠳᠠᠷᠤᠭ᠎ᠠ ᠃ 1963 ᠣᠨ ᠤ ᠪᠢᠯᠢᠭ᠌ ᠤᠨ ᠣᠯᠠᠷᠢᠯ ᠤᠨ 2 ᠰᠠᠷ᠎ᠠ ᠵᠢᠨ 5 ᠤ ᠡᠳᠦᠷ ᠵᠠᠷᠢᠮ ᠠᠢ᠌ᠮᠠᠭ ᠤᠨ ᠨᠢ᠋ᠮᠠᠨ ᠬᠤᠰᠢᠭᠤᠨ ᠤ ᠬᠤᠩᠬᠤᠷᠳᠠᠯ᠎ᠠ ᠰᠤᠮᠤᠨ ᠤ ᠦᠨᠳᠦᠷᠪᠣᠷᠤ ᠭᠠᠴᠠᠭᠠᠨ ᠤ ᠨᠠᠤᠠᠨᠠᠰᠢᠷᠢ ᠂ ᠵᠢᠶ‍ᠧ ᠰᠧ ᠶᠢᠨ ᠣᠤᠭᠠᠨ ᠭᠦᠪᠠᠭᠦᠨ ᠪᠣᠯᠤᠨ ᠵᠠᠶᠠᠭᠠᠵᠠᠢ ᠃ ᠬᠠᠷᠠᠬᠠᠨ ᠪᠠᠭ᠎ᠠ ᠡᠴᠡ ᠪᠠᠨ ᠡᠴᠢᠭᠡ ᠶᠢᠨ ᠶᠢᠡᠨ ᠨᠥᠯᠦᠭᠡ ᠶᠢ ᠭᠦᠷᠳᠡᠵᠤ ᠂ ᠦᠰᠦᠨ ᠪᠢᠷ ᠢ ᠣᠷᠤᠯᠳᠤᠵᠤ ᠂ ᠳᠤᠮᠳᠠᠳᠤ ᠰᠤᠷᠭᠠᠭᠤᠯᠢ ᠳᠤ ᠪᠠᠢ᠌ᠬᠤ ᠳᠠᠭᠠᠨ ᠰᠤᠷᠭᠠᠭᠤᠯᠢ ᠶᠢᠨ《ᠬᠠᠨ᠎ᠠ ᠶᠢᠨ ᠰᠤᠨᠢᠨ》 ᠢ ᠡᠷᠭᠢᠯᠡᠵᠤ ᠂ ᠪᠠᠭᠰᠢ ᠰᠤᠷᠤᠭᠴᠢᠤᠨ ᠤᠨ ᠰᠠᠢ᠌ᠰᠢᠶᠠᠯ ᠢ ᠣᠯᠵᠤ ᠶᠠᠪᠣᠯ᠎ᠠ ᠃ ᠪᠠᠰᠠ ᠰᠤᠷᠤᠯᠭ᠎ᠠ ᠮᠤᠷᠠᠯ ᠂ ᠪᠶ᠎ᠠ ᠳᠠᠮᠢᠷ ᠡᠯ᠎ᠡ ᠳᠠᠯ᠎ᠠ ᠪᠠᠷ ᠠᠩᠭᠢ ᠳᠠᠭᠠᠨ ᠳᠠᠭᠤᠷᠢᠶᠠᠯ ᠪᠣᠯᠵᠤ ᠬᠤᠰᠢᠭᠤᠨ ᠤ ᠳᠠᠰ ᠤᠨ ᠂ ᠠᠢ᠌ᠮᠠᠭ ᠤᠨ ᠳᠠᠰ ᠤᠨ ᠭᠤᠷᠪᠠᠨ ᠰᠠᠢ᠌ᠠᠳᠠᠢ ᠰᠤᠷᠤᠭᠴᠢ ᠪᠠᠷ ᠭᠦᠭᠢᠭᠦᠯᠦᠭ᠍ᠳᠡᠵᠤ ᠪᠠᠢ᠌ᠭᠰᠠᠨ ᠃

1983 ᠣᠨ ᠳᠤ ᠨᠢ᠋ᠮᠠᠨ ᠤ ᠮᠤᠩᠭ᠋ᠤᠯ ᠳᠤᠮᠳᠠᠳᠤ ᠰᠤᠷᠭᠠᠭᠤᠯᠢ ᠡᠴᠡ ᠰᠢᠯᠢᠳᠡᠭ᠌ ᠭᠢᠷᠢ ᠪᠦᠳᠦᠮᠵᠢ ᠪᠠᠷ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠂ ᠣᠷᠠᠨ ᠵᠤᠬᠢᠶᠠᠯ ᠤᠨ ᠰᠠᠯᠪᠣᠷᠢ ᠳᠤ ᠰᠢᠯᠭᠠᠨ ᠣᠷᠤᠵᠠᠢ ᠃ ᠨᠢ᠋ᠮᠠᠨ ᠤ ᠮᠤᠩᠭ᠋ᠤᠯ ᠳᠤᠮᠳᠠᠳᠤ ᠰᠤᠷᠭᠠᠭᠤᠯᠢ ᠳᠤ ᠪᠠᠢ᠌ᠬᠤ ᠳᠤ ᠣᠷᠠᠨ ᠵᠤᠬᠢᠶᠠᠯ ᠂ ᠣᠷᠠᠨ ᠪᠢᠴᠢᠯᠭᠡ ᠶᠢᠨ ᠳᠠᠯ᠎ᠠ ᠪᠠᠷ ᠶᠡᠭᠡᠭᠡᠨ ᠨᠥᠯᠦᠭᠡ ᠥᠵᠡᠭᠦᠯᠦᠭ᠍ᠰᠡᠨ ᠭᠦᠮᠤᠨ ᠪᠣᠯ ᠳᠡᠭᠦᠨ ᠤ ᠠᠩᠭᠢ ᠶᠢᠨ ᠪᠠᠭᠰᠢ ᠳ᠋ ᠂ ᠦᠯᠵᠡᠢ᠌ᠬᠤᠳᠤᠭ ᠢ ᠳᠤᠷᠠᠤᠠᠬᠤ ᠶᠤᠰᠤᠳᠠᠢ ᠃ ᠳᠠᠷᠠ ᠪᠠᠷ ᠡᠷᠳᠡᠮᠳᠤ ᠪᠠᠭᠰᠢ ᠡᠴᠡ ᠣᠬᠠᠭᠠᠨ ᠰᠣᠢ᠌ᠵᠤ ᠂ ᠮᠡᠳᠡᠯᠭᠡ ᠰᠤᠷᠢᠵᠤ ᠂ ᠭᠦᠮᠤᠨ ᠤ ᠠᠮᠢᠳᠤᠷᠠᠯ ᠤᠨ ᠦᠨᠳᠦᠷ ᠳᠠᠪᠠᠭᠠᠨ ᠳᠤ ᠨᠢᠷᠤᠭᠤ ᠬᠠᠳᠠᠭᠤ ᠡᠷ᠎ᠡ ᠪᠣᠯᠬᠤ ᠶᠢᠨ ᠰᠢᠠᠳᠠᠰᠤ ᠰᠤᠪᠢᠵᠤ ᠪᠠᠢ᠌ᠵᠠᠢ ᠃

ᠶᠡᠭᠡ ᠰᠤᠷᠭᠠᠭᠤᠯᠢ ᠶᠢᠨ ᠬᠤᠶᠠᠳᠤᠭᠠᠷ ᠣᠨ ᠳ᠋ᠤᠨᠢ ᠣᠷᠠᠨ ᠪᠢᠴᠢᠯᠭᠡᠳᠡᠨ ᠪᠠᠢ ᠪᠦᠭᠡ ᠦᠰᠦᠨ ᠪᠢᠷ ᠢ ᠳᠠᠳᠠᠨᠤᠰ ᠲᠤ ᠳᠤᠰᠬᠠᠢ ᠭᠢᠴᠢᠶᠠᠯ ᠤᠨ ᠮᠠᠶ‍ᠢᠭ ᠶᠢᠡᠷ ᠵᠢᠭᠠᠭᠰᠠᠨ ᠨᠢ ᠳᠡᠭᠦᠨ ᠢ ᠣᠷᠠᠯᠢᠭ ᠤᠨ ᠵᠠᠮ ᠳ᠋ᠤᠨᠢ ᠵᠢᠩᠭᠢᠨᠢ ᠭᠦᠳᠦᠯᠤᠨ ᠣᠷᠤᠭᠤᠯᠤᠭᠰᠠᠨ ᠶᠤᠮ ᠃ ᠶᠡᠭᠡ ᠰᠤᠷᠭᠠᠭᠤᠯᠢ ᠳᠤ ᠪᠠᠢ᠌ᠬᠤ ᠳᠠᠭᠠᠨ ᠪᠠᠢ ᠪᠦᠭᠡ ᠪᠠᠭᠰᠢ ᠡᠴᠡ ᠪᠠᠨ ᠦᠰᠦᠨ ᠪᠢᠷ ᠤᠨ ᠣᠨᠤᠯ ᠢ ᠰᠤᠷᠬᠤ ᠶᠢᠨ ᠳᠠᠭᠠᠤ ᠬᠠᠸᠠᠩᠵᠠᠪ ᠤᠨ ᠬᠠᠭᠤᠯᠤᠭᠰᠠᠨ 《ᠣᠯᠠᠭᠠᠨ ᠠᠰᠠᠷ ᠤᠨ ᠵᠡᠭᠦᠳᠤᠨ》 ᠂ ᠴᠧᠨ ᠴᠢᠩ ᠶᠦᠨ ᠤ ᠬᠠᠭᠤᠯᠤᠭᠰᠠᠨ 《ᠮᠤᠩᠭ᠋ᠤᠯ ᠤᠨ ᠨᠢᠭᠤᠴᠠ ᠳᠤᠪᠴᠢᠶᠠᠨ》 ᠵᠡᠷᠭᠡ ᠶᠢᠨ ᠦᠰᠦᠨ ᠪᠢᠷ ᠤᠨ ᠳᠢᠭ᠌ ᠢ ᠪᠠᠬᠠᠷᠬᠠᠨ ᠰᠤᠨᠢᠷᠬᠠᠵᠤ ᠂ ᠳᠠᠭᠤᠷᠢᠶᠠᠨ ᠪᠢᠴᠢᠵᠤ ᠪᠠᠢ᠌ᠵᠠᠢ ᠃ ᠳᠡᠭᠦᠨ ᠤ ᠣᠶᠤᠳᠠᠨ ᠤ ᠠᠮᠢᠳᠤᠷᠠᠯ ᠤᠨ ᠭᠤᠷᠪᠠᠳᠤᠭᠠᠷ ᠣᠨ ᠳᠤ《 ᠪᠦᠭᠦ ᠣᠷᠤᠨ ᠤ ᠣᠶᠤᠳᠠᠤᠨ ᠤᠨ ᠬᠤᠶᠠᠳᠤᠭᠠᠷ ᠣᠳᠠᠭᠠᠨ ᠤ ᠣᠷᠠᠨ ᠪᠢᠴᠢᠯᠭᠡ ᠂ ᠣᠷᠠᠨ ᠵᠢᠷᠤᠭ ᠤᠨ ᠣᠷᠤᠯᠳᠤᠭᠠᠨ 》 ᠶᠠᠪᠣᠭᠳᠠᠬᠤ ᠳᠤ ᠳᠠᠷᠠ ᠬᠤᠶᠠᠳᠤᠭᠠᠷ ᠳᠠᠰ ᠤᠨ ᠱᠠᠩᠨᠠᠯ ᠳᠤᠰᠤᠭᠰᠠᠨ ᠨᠢ ᠳᠡᠭᠦᠨ ᠳᠤ ᠭᠡᠮᠵᠢᠶᠡᠯᠡᠰᠢ ᠦᠭᠡᠶ ᠵᠤᠷᠢᠭᠵᠢᠭᠤᠯᠤᠯ ᠪᠣᠯᠵᠤ ᠂ ᠣᠷᠠᠨ ᠪᠢᠴᠢᠯᠭᠡ ᠶᠢ ᠣᠯᠠᠮ ᠬᠠᠢ᠌ᠷᠠᠯᠠᠨ ᠣᠯᠠᠮ ᠰᠢᠮᠳᠠᠨ ᠰᠤᠷᠬᠤ ᠪᠣᠯᠭᠠᠪᠠ ᠃

1987 ᠣᠨ ᠳᠤ《ᠭᠦᠭᠡᠬᠤᠳᠡ ᠣᠷᠤᠨ ᠤ ᠶᠡᠭᠡ ᠰᠤᠷᠭᠠᠭᠤᠯᠢ ᠤᠨ ᠣᠶᠤᠳᠠᠤᠨ ᠤᠨ ᠣᠷᠠᠨ ᠪᠢᠴᠢᠯᠭᠡ ᠶᠢᠨ ᠣᠷᠤᠯᠳᠤᠭᠠᠨ》 ᠳᠤ ᠨᠢᠭᠡᠳᠦᠭᠡᠷ ᠳᠠᠰ ᠤᠨ ᠱᠠᠩᠨᠠᠯ ᠭᠦᠷᠳᠡᠵᠤ ᠂ ᠳᠤᠰ ᠵᠢᠯ ᠳ᠋ᠤᠨᠢ ᠭᠠᠠᠵᠤᠭ᠎ᠠ ᠳᠦᠭᠦᠷᠡᠩ ᠣᠯᠵᠠ ᠲᠡᠶ ᠪᠠᠷ ᠶᠡᠭᠡ ᠰᠤᠷᠭᠠᠭᠤᠯᠢ ᠶᠢᠨ ᠰᠤᠷᠤᠯᠭ᠎ᠠ ᠪᠠᠨ ᠳᠡᠭᠦᠰᠴᠤ ᠂ ᠳᠤᠬᠠᠢ ᠶᠢᠨ ᠬᠠᠢ᠌ᠯᠠᠷ ᠳᠠᠭᠢ ᠮᠤᠩᠭ᠋ᠤᠯ ᠦᠨᠳᠦᠰᠦᠳᠠᠨ ᠤ ᠪᠠᠭᠰᠢ ᠶᠢᠨ ᠰᠤᠷᠭᠠᠭᠤᠯᠢ (ᠣᠳᠤ ᠶᠢᠨ ᠭᠦᠯᠤᠨ ᠪᠣᠢ᠌ᠷ ᠳᠡᠭᠡᠳᠤ ᠰᠤᠷᠭᠠᠭᠤᠯᠢ) ᠳᠤ ᠠᠵᠢᠯ ᠬᠤᠪᠢᠶᠠᠭᠳᠠᠵᠤ ᠂ ᠣᠷᠠᠨ ᠵᠤᠬᠢᠶᠠᠯ ᠂ ᠣᠷᠠᠨ ᠪᠢᠴᠢᠯᠭᠡ ᠶᠢᠨ ᠪᠠᠭᠰᠢ ᠪᠣᠯᠵᠤ ᠳᠦᠭ᠌ ᠲᠦᠮᠡᠨ ᠰᠤᠷᠤᠭᠴᠢᠤᠨ ᠲᠤ ᠣᠷᠠᠨ ᠪᠢᠴᠢᠯᠭᠡ ᠶᠢᠨ ᠷᠢᠳᠢ ᠰᠢᠳᠢ ᠶᠢ ᠣᠯᠠᠮᠵᠢᠯᠠᠵᠤ ᠪᠠᠢ᠌ᠪᠠ ᠃

1992 ᠣᠨ ᠳᠤ ᠭᠦᠯᠤᠨ ᠪᠣᠢ᠌ᠷ ᠠᠢ᠌ᠮᠠᠭ ᠤᠨ ᠠᠩᠬᠠᠳᠤᠭᠴᠢ ᠣᠳᠠᠭᠠᠨ ᠤ《ᠱᠧᠨ ᠮᠠ ᠬᠤᠠᠳᠠᠭᠠᠳᠤ》 ᠣᠷᠠᠨ ᠪᠢᠴᠢᠯᠭᠡ ᠶᠢᠨ ᠣᠷᠤᠯᠳᠤᠭᠠᠨ ᠳᠤ ᠬᠤᠶᠠᠳᠤᠭᠠᠷ ᠳᠠᠰ ᠤᠨ ᠱᠠᠩᠨᠠᠯ ᠭᠦᠷᠳᠡᠵᠡᠢ ᠃

1996 ᠣᠨ ᠳᠤ ᠬᠠᠢ᠌ᠱᠠᠨ ᠨᠥᠭᠦᠷ ᠂ ᠣᠷᠠᠨ ᠪᠢᠴᠢᠯᠭᠡ ᠶᠢᠨ ᠭᠢᠷᠢ ᠲᠦᠪᠰᠢᠨ ᠶᠢᠡᠨ ᠳᠡᠭᠡᠭ᠍ᠰᠢᠯᠡᠭᠦᠯᠭᠦ ᠶᠢᠨ ᠳᠦᠯᠦᠭᠡ ᠳᠤᠮᠳᠠᠳᠤ ᠣᠯᠤᠰ ᠤᠨ ᠣᠷᠠᠨ ᠪᠢᠴᠢᠯᠭᠡ ᠶᠢᠨ ᠵᠠᠭᠢᠳᠠᠯ ᠶᠢᠡᠷ ᠰᠤᠷᠬᠤ ᠶᠡᠭᠡ ᠰᠤᠷᠭᠠᠭᠤᠯᠢ ᠳᠤ ᠰᠢᠯᠭᠠᠨ ᠣᠷᠤᠵᠤ ᠂ ᠣᠷᠠᠨ ᠪᠢᠴᠢᠯᠭᠡ ᠂ ᠭᠤᠷ ᠰᠠᠢ᠌ᠯᠤᠮᠠᠯ ᠤᠨ ᠳᠤᠬᠠᠢ ᠣᠨᠤᠯ ᠢ ᠬᠤᠶᠠᠷ ᠵᠢᠯ ᠰᠢᠰᠲ᠋ᠸᠮ ᠲᠡᠶ ᠰᠤᠷᠤᠯᠴᠠᠭᠰᠠᠨ ᠪᠢᠯᠠ ᠃ ᠳᠡᠭᠡᠭᠡᠤᠨ ᠰᠢᠯᠢᠳᠡᠭ᠌ ᠳᠡᠭᠦᠰᠭᠦ ᠰᠤᠷᠤᠭᠴᠢ ᠪᠠᠷ ᠱᠠᠩᠨᠠᠠᠭᠳᠠᠵᠤ ᠰᠤᠷᠭᠠᠭᠤᠯᠢ ᠡᠴᠡ ᠪᠠᠨ ᠳᠡᠭᠦᠰᠪᠡ ᠃

1997 ᠣᠨ ᠳᠤ《ᠪᠣᠴᠠᠬᠤ ᠰᠢᠪᠠᠭᠤᠳ ᠢ ᠬᠠᠷᠠᠭᠠᠤᠨ ᠪᠣᠷᠤ ᠵᠢᠷᠦᠭᠡ ᠮᠢᠨᠢ ᠰᠢᠮᠰᠢᠷᠠᠯ᠎ᠠ》 ᠭᠡᠭᠦ ᠪᠦᠳᠦᠭᠡᠯ ᠨᠢ ᠰᠢᠶᠠᠩᠭ᠋ᠠᠩ ᠡᠭᠡ ᠣᠯᠤᠰ ᠲᠠᠭᠠᠨ ᠪᠣᠴᠠᠬᠤ ᠶᠢ ᠪᠠᠯᠭᠡᠯᠡᠭᠦ ᠥᠵᠡᠰᠭᠦᠯᠡᠩ ᠳᠤ ᠳᠡᠯᠭᠡᠭ᠍ᠳᠡᠵᠤ ᠂ 《ᠮᠤᠩᠭ᠋ᠤᠯ ᠨᠤᠳᠤᠭ》 ᠭᠡᠭᠦ ᠪᠦᠳᠦᠭᠡᠯ ᠨᠢ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠪᠠᠢ᠌ᠭᠤᠯᠤᠭᠳᠠᠭᠰᠠᠨ ᠳᠠᠪᠢᠨ ᠵᠢᠯ ᠤᠨ ᠣᠢ ᠶᠢ ᠪᠠᠯᠭᠡᠯᠡᠭᠦ ᠥᠵᠡᠰᠭᠦᠯᠡᠩ ᠳᠤ ᠰᠢᠯᠢᠳᠡᠭ᠌ ᠪᠦᠳᠦᠭᠡᠯ ᠶᠢᠡᠷ ᠱᠠᠩᠨᠠᠭᠳᠠᠵᠠᠢ ᠃

1998 ᠣᠨ ᠳᠤ《ᠳᠤᠮᠳᠠᠳᠤ ᠣᠯᠤᠰ ᠥᠭᠡᠷᠡᠴᠢᠯᠡᠯᠳᠡ ᠭᠢᠵᠤ ᠴᠢᠯᠦᠭᠡᠳᠡᠢ ᠶᠠᠪᠣᠯᠴᠠᠭᠰᠠᠨ ᠬᠤᠷᠢᠨ ᠵᠢᠯ ᠤᠨ ᠣᠢ ᠶᠢ ᠳᠤᠷᠠᠰᠬᠠᠬᠤ》 ᠣᠷᠠᠨ ᠪᠢᠴᠢᠯᠭᠡ ᠶᠢᠨ ᠥᠵᠡᠰᠭᠦᠯᠡᠩ ᠳᠤ 《ᠣᠶᠠᠬᠠᠨ ᠽᠠᠮᠪᠣᠳᠢᠪ ᠤᠨ ᠨᠠᠷᠠ》 ᠪᠦᠳᠦᠭᠡᠯ ᠨᠢ ᠥᠵᠡᠰᠭᠦᠯᠡᠩ ᠳᠤ ᠳᠡᠯᠭᠡᠭ᠍ᠳᠡᠵᠤ ᠪᠦᠭᠦ ᠣᠯᠤᠰ ᠤᠨ 120 ᠰᠢᠯᠢᠳᠡᠭ᠌ ᠣᠷᠠᠨ ᠪᠢᠴᠢᠯᠭᠡᠳᠡᠨ ᠤ ᠨᠢᠭᠡ ᠪᠠᠷ ᠰᠤᠩᠭ᠋ᠤᠭᠳᠠᠵᠤ ᠳ᠋ᠢᠶᠤᠤ ᠢᠤᠢ ᠲᠡᠶ ᠳ᠋ᠠᠭᠢ ᠣᠯᠤᠰ ᠤᠨ ᠵᠤᠴᠢᠤᠨ ᠤᠨ ᠪᠠᠭᠤᠳᠠᠯ ᠳᠤ ᠱᠠᠩᠨᠠᠯ ᠳᠤᠰᠤᠭᠰᠠᠨ ᠳᠡᠦᠭᠡ ᠲᠡᠶ ᠃ ᠳᠤᠰ ᠵᠢᠯ ᠳᠤ《ᠭᠦᠯᠤᠨ ᠪᠣᠢ᠌ᠷ ᠠᠢ᠌ᠮᠠᠭ ᠤᠨ ᠬᠤᠶᠠᠳᠤᠭᠠᠷ ᠣᠳᠠᠭᠠᠨ ᠤ ᠣᠷᠠᠨ ᠪᠢᠴᠢᠯᠭᠡ ᠂ ᠰᠠᠢ᠌ᠯᠤᠮᠠᠯ ᠤᠨ ᠥᠵᠡᠰᠭᠦᠯᠡᠩ》 ᠤᠨ ᠬᠤᠶᠠᠳᠤᠭᠠᠷ ᠱᠠᠩᠨᠠᠯ ᠣᠯᠵᠠᠢ ᠃

1999 ᠣᠨ ᠳᠤ《ᠣᠯᠤᠰ ᠪᠠᠢ᠌ᠭᠤᠯᠤᠭᠳᠠᠭᠰᠠᠨ ᠳᠠᠪᠢᠨ ᠵᠢᠯ ᠤᠨ ᠣᠢ ᠶᠢ ᠪᠠᠯᠭᠡᠯᠡᠭᠦ ᠣᠷᠠᠨ ᠪᠢᠴᠢᠯᠭᠡ ᠶᠢᠨ ᠥᠵᠡᠰᠭᠦᠯᠡᠩ》 ᠳᠤ《ᠪᠠᠶᠠᠷ ᠤᠨ ᠳᠠᠭᠤᠯᠠᠯ》 ᠪᠦᠳᠦᠭᠡᠯ ᠨᠢ ᠳᠡᠯᠭᠡᠭ᠍ᠳᠡᠵᠤ ᠣᠯᠤᠰ ᠤᠨ ᠮᠦᠽᠸᠢ ᠳᠤ ᠬᠠᠳᠠᠭᠠᠯᠠᠭᠳᠠᠵᠠᠢ ᠃

2000 ᠣᠨ ᠳᠤ 《ᠪᠦᠭᠦ ᠣᠯᠤᠰ ᠤᠨ ᠴᠥᠭᠡᠨ ᠳᠤᠭᠠᠳᠤ ᠦᠨᠳᠦᠰᠦᠳᠠᠨ ᠤ ᠥᠰᠦᠭ᠌ ᠪᠢᠴᠢᠭ᠌ ᠤᠨ ᠣᠷᠠᠨ ᠪᠢᠴᠢᠯᠭᠡ ᠶᠢᠨ ᠥᠵᠡᠰᠭᠦᠯᠡᠩ》 ᠳᠤ ᠰᠢᠯᠢᠳᠡᠭ᠌ ᠱᠠᠩ ᠳᠤᠰᠴᠤ ᠂ 2002 ᠣᠨ ᠳᠤ《ᠮᠠᠠᠳᠤᠨ ᠭᠦᠭ᠍ᠵᠢᠭᠡ ᠳᠤᠮᠳᠠᠳᠤ ᠣᠯᠤᠰ》 ᠭᠡᠭᠦ ᠪᠦᠭᠦ ᠣᠯᠤᠰ ᠤᠨ ᠣᠷᠠᠨ ᠪᠢᠴᠢᠯᠭᠡ ᠂ ᠰᠠᠢ᠌ᠯᠤᠮᠠᠯ ᠤᠨ ᠣᠷᠤᠯᠳᠤᠭᠠᠨ ᠳᠤ ᠮᠥᠩᠭᠦᠨ ᠮᠸᠳᠠᠯ ᠣᠯᠵᠤ ᠣᠷᠠᠨ ᠪᠢᠴᠢᠯᠭᠡ ᠶᠢᠨ ᠣᠢ᠌ᠯᠠᠰ ᠲᠡᠭᠡᠨ ᠭᠢᠯᠠᠷᠠᠭᠤᠯᠵᠤ ᠶᠠᠪᠣᠯ᠎ᠠ ᠃

2003 ᠣᠨ ᠳᠤ ᠪᠣᠭᠤᠳᠤ ᠳᠤ ᠪᠣᠯᠤᠭᠰᠠᠨ 《ᠪᠣᠭᠤᠳᠤ ᠬᠤᠳᠠ ᠬᠤᠠᠳᠠᠭᠠᠳᠤ》 ᠣᠷᠠᠨ ᠪᠢᠴᠢᠯᠭᠡ ᠶᠢᠨ ᠣᠷᠤᠯᠳᠤᠭᠠᠨ ᠳᠤ ᠭᠤᠷᠪᠠᠳᠤᠭᠠᠷ ᠳᠠᠰ ᠤᠨ ᠱᠠᠩᠨᠠᠯ ᠭᠠᠷᠳᠠᠵᠠᠢ ᠃ ᠳᠠᠷᠠ ᠪᠠᠷ 1986 ᠣᠨ ᠡᠴᠡ ᠨᠠᠰᠢ ᠳᠤᠮᠳᠠᠳᠤ ᠣᠯᠤᠰ ᠤᠨ《ᠦᠨᠳᠦᠰᠦᠳᠠᠨ ᠤ ᠵᠢᠷᠤᠭᠳᠤ ᠰᠡᠦᠡᠭᠦᠯ》᠂ 《ᠦᠨᠢᠷ ᠴᠡᠴᠡᠭ᠌》᠂ 《 ᠮᠤᠩᠭ᠋ᠤᠯ ᠭᠡᠯᠡ ᠣᠤᠠᠬ᠎ᠠ ᠵᠤᠭᠢᠶ‍ᠯ 》᠂ 《ᠦᠪᠣᠷ ᠮᠤᠩᠭ᠋ᠤᠯ ᠤᠨ ᠵᠠᠯᠠᠭᠤᠴᠤᠳ》᠂ 《ᠵᠢᠷᠢᠮ ᠤᠨ ᠣᠷᠠᠨ ᠵᠤᠬᠢᠶᠠᠯ》᠂ 《ᠰᠤᠷᠭᠠᠨ ᠭᠦᠮᠦᠵᠢᠯ ᠤᠨ ᠰᠢᠠᠵᠢᠯᠠᠯ》᠂ 《ᠦᠪᠣᠷ ᠮᠤᠩᠭ᠋ᠤᠯ ᠤᠨ ᠡᠳᠦᠷ ᠤᠨ ᠰᠤᠨᠢᠨ》᠂ 《ᠭᠦᠯᠤᠨ ᠪᠣᠢ᠌ᠷ ᠤᠨ ᠡᠳᠦᠷ ᠤᠨ ᠰᠤᠨᠢᠨ》 ᠮᠠᠳᠤ ᠶᠢᠨ ᠰᠤᠨᠢᠨ ᠰᠡᠦᠡᠭᠦᠯ ᠳᠡᠭᠡᠷ᠎ᠡ ᠵᠠᠭᠤ ᠭᠠᠷᠤᠢ ᠪᠦᠳᠦᠭᠡᠯ ᠨᠠᠢ᠌ᠳᠠᠯᠠᠵᠤ ᠥᠩᠭᠡᠷᠡᠭ᠍ᠰᠡᠨ ᠮᠥᠷᠳᠡᠭᠡᠨ ᠣᠷᠠᠨ ᠪᠢᠴᠢᠯᠭᠡ ᠶᠢᠨ ᠪᠦᠳᠦᠭᠡᠯ ᠭᠢᠭᠡᠤᠨ ᠬᠤᠪᠢ ᠶᠢᠨ ᠨᠠᠮᠳᠠᠷ ᠨᠢ ᠳᠤᠮᠳᠠᠳᠤ ᠵᠡᠷᠭᠡ ᠶᠢᠨ ᠪᠠᠭᠰᠢ ᠶᠢᠨ ᠰᠤᠷᠭᠠᠭᠤᠯᠢ ᠶᠢᠨ ᠵᠢᠭᠠᠬᠤ ᠪᠢᠴᠢᠭ᠌ ᠤᠨ 《ᠭᠤᠷᠪᠠᠨ ᠪᠢᠷ ᠤᠨ ᠪᠢᠴᠢᠯᠭᠡ ᠶᠢᠨ ᠵᠢᠯᠤᠭᠤᠳᠤᠮᠵᠢ》᠂ ᠪᠦᠭᠦ ᠣᠯᠤᠰ ᠤᠨ ᠳᠡᠭᠡᠳᠤ ᠰᠤᠷᠭᠠᠭᠤᠯᠢ ᠶᠢᠨ ᠵᠢᠭᠠᠬᠤ ᠪᠢᠴᠢᠭ᠌ 《ᠣᠷᠠᠨ ᠪᠢᠴᠢᠯᠭᠡ ᠶᠢᠨ ᠣᠳᠤᠷᠢᠳᠤᠮᠵᠢ》 《ᠳᠤᠮᠳᠠᠳᠤ ᠣᠯᠤᠰ ᠤᠨ ᠥᠭᠡᠷᠡᠴᠢᠯᠡᠯᠳᠡ ᠭᠢᠭ᠍ᠰᠡᠨ ᠬᠤᠷᠢᠨ ᠵᠢᠯ ᠤᠨ ᠣᠷᠠᠨ ᠪᠢᠴᠢᠯᠭᠡ ᠤᠨ ᠰᠢᠯᠢᠳᠡᠭ᠌ ᠪᠦᠳᠦᠭᠡᠯ》᠂ 《ᠣᠯᠤᠰ ᠪᠠᠢ᠌ᠭᠤᠯᠤᠭᠳᠠᠭᠰᠠᠨ ᠳᠠᠪᠢᠨ ᠵᠢᠯ ᠤᠨ ᠣᠷᠠᠨ ᠪᠢᠴᠢᠯᠭᠡ ᠶᠢᠨ ᠪᠦᠳᠦᠭᠡᠯ ᠤᠨ ᠡᠮᠭᠢᠦᠡᠭᠡᠯ》᠂ 《ᠣᠳᠤ ᠦᠶ᠎ᠡ ᠶᠢᠨ ᠮᠤᠩᠭ᠋ᠤᠯ ᠣᠷᠠᠨ ᠪᠢᠴᠢᠯᠭᠡᠳᠡᠳ ᠤᠨ ᠪᠦᠳᠦᠭᠡᠯ》᠂ 《ᠡᠷᠳᠡ ᠡᠳᠦᠭᠡᠭᠢ ᠮᠤᠩᠭ᠋ᠤᠯ ᠣᠷᠠᠨ ᠪᠢᠴᠢᠯᠭᠡ ᠶᠢᠨ ᠮᠦᠷ ᠱᠥᠭᠦᠮᠡᠯ》᠂ 《ᠥᠭᠡᠷᠡᠴᠢᠯᠡᠯᠳᠡ ᠨᠡᠭᠡᠭᠡᠯᠳᠡ ᠶᠢᠨ ᠭᠤᠴᠢᠨ ᠵᠢᠯ ᠤᠨ ᠣᠢ ᠶᠢ ᠳᠤᠷᠠᠰᠬᠠᠬᠤ ᠪᠦᠬᠦ ᠣᠷᠤᠨ ᠤ ᠣᠷᠠᠨ ᠪᠢᠴᠢᠯᠭᠡ ᠂ ᠵᠢᠷᠤᠭ ᠤᠨ ᠳᠡᠭᠦᠪᠦᠷᠢ》᠂ 《ᠮᠤᠩᠭ᠋ᠤᠯ ᠣᠷᠠᠨ ᠪᠢᠴᠢᠯᠭᠡ ᠶᠢᠨ ᠣᠬᠠᠭᠠᠨ》 ᠵᠡᠷᠭᠡ ᠨᠤᠮ ᠳᠤ ᠣᠷᠤᠭᠰᠠᠨ ᠶᠢᠡᠷ ᠪᠠᠷᠠᠬᠤ ᠦᠭᠡᠶ ᠣᠷᠠᠨ ᠪᠢᠴᠢᠯᠭᠡ ᠶᠢᠨ ᠳᠤᠬᠠᠢ ᠥᠭᠦᠯᠡᠯ ᠵᠤᠬᠢᠶᠠᠯ ᠴᠤ ᠪᠢᠰᠢᠭᠦᠢ ᠣᠯᠠᠨ ᠪᠢᠴᠢᠭ᠍ᠰᠡᠨ ᠪᠢᠯᠠ ᠃

ᠳᠠᠷᠠ ᠦᠨᠦ ᠭᠦᠯᠤᠨ ᠪᠣᠢ᠌ᠷ ᠳᠡᠭᠡᠳᠤ ᠰᠤᠷᠭᠠᠭᠤᠯᠢ ᠶᠢᠨ ᠮᠤᠩᠭ᠋ᠤᠯ ᠣᠶᠤᠳᠠᠤᠨ ᠲᠤ ᠣᠷᠠᠨ ᠵᠤᠬᠢᠶᠠᠯ ᠂ ᠣᠷᠠᠨ ᠪᠢᠴᠢᠯᠭᠡ ᠶᠢ ᠵᠢᠭᠠᠬᠤ ᠶᠢᠨ ᠳᠠᠭᠠᠤ ᠨᠡᠢ᠌ᠭᠡᠮ ᠤᠨ ᠭᠦᠳᠡᠯᠭᠡᠭᠡᠨ ᠳᠤ ᠢᠳᠠᠪᠭᠢᠳᠠᠢ ᠣᠷᠤᠯᠴᠠᠵᠤ ᠦᠪᠡᠷ ᠤᠨ ᠭᠦᠴᠤᠨ ᠴᠢᠳᠠᠯ ᠂ ᠭᠡᠷᠡᠯ ᠭᠢᠯᠪᠠᠭ᠎ᠠ ᠪᠠᠨ ᠨᠡᠢ᠌ᠭᠡᠮ ᠂ ᠭᠦᠮᠤᠨ ᠠᠷᠠᠤᠨ ᠲᠠᠭᠠᠨ ᠡᠷᠭᠦᠨ ᠶᠠᠪᠣᠵᠤ ᠪᠣᠢ ᠃

2008 ᠣᠨ ᠤ 6 ᠰᠠᠷ᠎ᠠ ᠵᠢᠨ 3 ᠤ ᠡᠳᠦᠷ 《ᠪᠠᠭᠡᠵᠢᠩ ᠤᠨ ᠣᠯᠢᠮᠫᠢᠺ ᠢ ᠣᠭᠳᠤᠵᠤ ᠂ ᠦᠨᠳᠦᠰᠦᠳᠠᠨ ᠤ ᠦᠪ ᠰᠤᠶᠤᠯ ᠢ ᠣᠬᠠᠭᠤᠯᠤᠨ ᠮᠠᠠᠳᠤᠭᠤᠯᠵᠤ ᠂ ᠶᠡᠭᠡ ᠰᠤᠷᠭᠠᠭᠤᠯᠢ ᠶᠢᠨ ᠭᠦᠷᠢᠶᠡᠨ ᠤ ᠰᠤᠶᠤᠯ ᠤᠨ ᠠᠭᠤᠷ ᠠᠮᠢᠰᠬᠤᠯ ᠢ ᠭᠦᠭ᠍ᠵᠢᠶᠡᠡᠳᠡᠢ ᠪᠣᠯᠭᠠᠬᠤ 》 ᠭᠤᠤᠯ ᠰᠠᠳᠤᠪ ᠶᠢᠡᠷ ᠭᠦᠯᠤᠨ ᠪᠣᠢ᠌ᠷ ᠲᠤ ᠬᠤᠪᠢ ᠭᠦᠮᠤᠨ ᠤ ᠣᠷᠠᠨ ᠪᠢᠴᠢᠯᠭᠡ ᠶᠢᠨ ᠥᠵᠡᠰᠭᠦᠯᠡᠩ ᠶᠢᠡᠨ ᠨᠡᠭᠡᠭᠡᠵᠡᠢ ᠃ ᠳᠡᠭᠦᠨ ᠤ ᠬᠤᠪᠢ ᠭᠦᠮᠤᠨ ᠤ ᠥᠵᠡᠰᠭᠦᠯᠡᠩ ᠢ ᠦᠪᠣᠷ ᠮᠤᠩᠭ᠋ᠤᠯ ᠤᠨ ᠡᠳᠦᠷ ᠤᠨ ᠰᠤᠨᠢᠨ ᠂ ᠭᠦᠯᠤᠨ ᠪᠣᠢ᠌ᠷ ᠤᠨ ᠳᠸᠯᠸᠢᠰ ᠬᠤᠷᠢᠶ᠎ᠠ ᠂ ᠷᠠᠳᠢᠣ᠊ ᠬᠤᠷᠢᠶ᠎ᠠ ᠂ ᠰᠤᠨᠢᠨ ᠤ ᠬᠤᠷᠢᠶ᠎ᠠ ᠡᠴᠡ ᠬᠠᠯᠠᠭᠤᠨ ᠶᠢᠡᠷ ᠮᠡᠳᠡᠭᠡᠯᠡᠭ᠍ᠰᠡᠨ ᠶᠢᠡᠷ ᠪᠠᠷᠠᠬᠤ ᠦᠭᠡᠶ ᠂ ᠳᠤᠤᠷ ᠰᠦᠯᠵᠢᠶᠠᠨ ᠳᠡᠭᠡᠷ᠎ᠡ ᠴᠤ ᠬᠠᠯᠠᠭᠤᠨ ᠲᠡᠶ ᠶᠠᠷᠢᠯᠴᠠᠬᠤ ᠰᠠᠳᠤᠪ ᠪᠣᠯᠵᠤ ᠪᠠᠢ᠌ᠪᠠ ᠃

2008 ᠣᠨ ᠤ 7 ᠰᠠᠷ᠎ᠠ ᠳᠤ《ᠪᠠᠭᠡᠵᠢᠩ ᠤᠨ ᠣᠯᠢᠮᠫᠢᠺ ᠢ ᠣᠭᠳᠤᠬᠤ ᠭᠦᠯᠤᠨ ᠪᠣᠢ᠌ᠷ ᠬᠤᠳᠠ ᠶᠢᠨ ᠣᠷᠠᠨ ᠪᠢᠴᠢᠯᠭᠡ ᠶᠢᠨ ᠣᠷᠤᠯᠳᠤᠭᠠᠨ》 ᠳᠤ ᠬᠤᠶᠠᠳᠤᠭᠠᠷ ᠳᠠᠰ ᠤᠨ ᠱᠠᠩᠨᠠᠯ ᠣᠯᠵᠤ ᠂ ᠪᠣᠭᠤᠳᠤ ᠬᠤᠳᠠ ᠶᠢᠨ ᠠᠩᠬᠠᠳᠤᠭᠴᠢ 《ᠵᠢᠤ ᠶᠤᠸᠠᠨ ᠬᠤᠠᠳᠠᠭᠠᠳᠤ》 ᠴᠥᠭᠡᠨ ᠳᠤᠭᠠᠳᠤ ᠦᠨᠳᠦᠰᠦᠳᠠᠨ ᠤ ᠣᠷᠠᠨ ᠪᠢᠴᠢᠯᠭᠡ ᠶᠢᠨ ᠣᠷᠤᠯᠳᠤᠭᠠᠨ ᠳᠤ ᠰᠢᠯᠢᠳᠡᠭ᠌ ᠱᠠᠩᠨᠠᠯ ᠭᠠᠷᠳᠠᠵᠠᠢ ᠃ 《ᠰᠠᠷᠠᠭᠤᠯ ᠳᠠᠯ᠎ᠠ》 ᠭᠡᠭᠦ ᠪᠦᠳᠦᠭᠡᠯ ᠨᠢ 《ᠨᠤᠳᠤᠭ ᠤᠨ ᠬᠠᠢ᠌ᠷ᠎ᠠ — ᠦᠪᠣᠷ ᠮᠤᠩᠭ᠋ᠤᠯ ᠤᠨ ᠮᠤᠩᠭ᠋ᠤᠯ ᠣᠷᠠᠨ ᠪᠢᠴᠢᠯᠭᠡ ᠂ ᠰᠠᠢ᠌ᠯᠤᠮᠠᠯ ᠤᠨ ᠪᠦᠳᠦᠭᠡᠯ ᠢ ᠪᠦᠭᠦ ᠣᠯᠤᠰ ᠲᠤ ᠳᠤᠭᠤᠷᠢᠨ ᠥᠵᠡᠰᠭᠦᠯᠡᠩ ᠭᠠᠷᠭᠠᠬᠤ》 ᠥᠵᠡᠭᠦᠯᠦᠯᠭᠡ ᠳᠤ ᠰᠤᠩᠭ᠋ᠤᠭᠳᠠᠵᠤ ᠪᠦᠭᠦ ᠣᠯᠤᠰ ᠤᠨ ᠠᠷᠠᠤᠨ ᠲᠦᠮᠡᠨ ᠲᠡᠶ ᠪᠠᠨ ᠶᠠᠭ ᠰᠠᠶ‍ᠢᠬᠠᠨ ᠵᠤᠯᠭᠠᠵᠤ ᠪᠠᠢ᠌ᠨ᠎ᠠ ᠃

2008 ᠣᠨ ᠤ 12 ᠰᠠᠷ᠎ᠠ ᠵᠢᠨ 14 ᠤ ᠡᠳᠦᠷ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠮᠤᠩᠭ᠋ᠤᠯ ᠣᠷᠠᠨ ᠪᠢᠴᠢᠯᠭᠡᠳᠡᠳ ᠤᠨ ᠨᠡᠢ᠌ᠭᠡᠮᠯᠢᠭ᠌ ᠤᠨ ᠬᠤᠶᠠᠳᠤᠭᠠᠷ ᠣᠳᠠᠭᠠᠨ ᠤ ᠳᠦᠯᠦᠭᠡᠯᠡᠭ᠍ᠴᠢᠤᠨ ᠤᠨ ᠶᠡᠭᠡ ᠬᠤᠷᠠᠯ ᠳᠤ ᠲᠤᠬᠢᠶᠠᠯᠳᠤᠭᠤᠯᠤᠨ ᠭᠦᠭᠡᠬᠤᠳᠡ ᠳᠤ ᠬᠤᠪᠢ ᠭᠦᠮᠤᠨ ᠤ ᠣᠷᠠᠨ ᠪᠢᠴᠢᠯᠭᠡ ᠶᠢᠨ ᠥᠵᠡᠰᠭᠦᠯᠡᠩ ᠭᠢᠵᠠᠢ ᠃ ᠳᠤᠰ ᠵᠢᠯ ᠤᠨ ᠡᠴᠦᠰ ᠲᠤ ᠪᠠᠰᠠ ᠭᠦᠯᠤᠨ ᠪᠣᠢ᠌ᠷ ᠬᠤᠳᠠ ᠶᠢᠨ ᠠᠷᠠᠤᠨ ᠤᠨ ᠵᠠᠰᠠᠭ ᠤᠨ ᠣᠷᠳᠤᠨ ᠡᠴᠡ ᠣᠷᠠᠯᠢᠭᠴᠢᠤᠨ ᠲᠤ ᠭᠦᠷᠳᠡᠭᠡᠭ᠍ᠰᠡᠨ ᠬᠠᠮᠤᠭ ᠳᠡᠭᠡᠳᠤ ᠱᠠᠩᠨᠠᠯ 《ᠠᠵᠢᠨᠠᠢ ᠭᠦᠯᠦᠭ᠌》 ᠤᠨ ᠱᠠᠩ ᠢ ᠭᠦᠷᠳᠡᠵᠡᠢ ᠃

ᠳᠡᠭᠦᠨ ᠤ ᠣᠷᠠᠨ ᠪᠢᠴᠢᠯᠭᠡ ᠂ ᠭᠢᠴᠢᠶᠡᠩᠭᠦᠢ ᠳᠢᠭ᠌ ᠤᠨ ᠥᠰᠦᠭ᠌ ᠨᠢ ᠲᠦᠪ ᠯᠠᠪᠳᠠᠭᠤᠨ ᠂ ᠭᠢᠨᠠᠮᠠᠭᠠᠢ ᠴᠢᠩᠭ᠋᠎ᠠ ᠪᠠᠢ᠌ᠭᠰᠠᠨ ᠪᠣᠯ ᠳᠠᠳᠠᠯᠭᠠᠨ ᠳᠢᠭ᠌ ᠂ ᠳᠤᠪᠳᠤᠯᠭᠠᠨ ᠳᠢᠭ᠌ ᠤᠨ ᠥᠰᠦᠭ᠌ ᠨᠢ ᠰᠥᠷᠨᠢᠭᠦᠨ ᠡᠷᠴᠢᠮᠯᠢᠭ᠌ ᠂ ᠣᠮᠤᠭᠯᠠᠩ ᠂ ᠢᠳᠡᠷᠡᠭᠦᠨ ᠬᠠᠷᠠᠭᠳᠠᠵᠤ ᠂ ᠡᠭᠦᠳᠦᠯᠳᠡ ᠪᠦᠳᠦᠭᠡᠯ ᠤᠳ ᠨᠢ ᠦᠪᠡᠷ ᠤᠨ ᠭᠢᠨᠢ ᠭᠡᠭᠦ ᠣᠷᠠᠯᠢᠭ ᠤᠨ ᠡᠳᠡᠭᠡᠤᠨ ᠭᠡᠪ ᠨᠠᠮᠪᠠ ᠲᠡᠶ ᠪᠢᠯᠠ ᠃ ᠣᠠᠴᠠᠭᠠᠢ᠌ᠯᠠᠨ ᠳᠤᠷᠠᠳᠤᠰᠢᠭᠤᠳᠠᠢ ᠨᠢ ᠣᠷᠠᠨ ᠪᠢᠴᠢᠯᠭᠡ ᠶᠢᠨ ᠪᠦᠳᠦᠭᠡᠯ ᠳᠤ ᠣᠷᠠᠨ ᠵᠤᠭᠢᠶᠠᠯ ᠰᠢᠭ ᠰᠠᠨᠠᠭ᠎ᠠ ᠣᠷᠤᠭᠤᠯᠵᠤ ᠪᠦᠳᠦᠭᠡᠭᠦ ᠪᠣᠯ ᠬᠠᠢ᠌ᠱᠠᠨ ᠤ ᠪᠣᠰᠤᠳ ᠡᠴᠡ ᠢᠯᠭᠠᠭᠳᠠᠬᠤ ᠴᠢᠬᠤᠯᠠ ᠣᠠᠴᠠᠯᠢᠭ ᠭᠡᠵᠤ ᠭᠡᠯᠡᠵᠤ ᠪᠣᠯᠤᠨ᠎ᠠ ᠃ ᠳᠠᠢ᠌ᠮᠤ ᠪᠠᠷ ᠶᠢᠡᠨ ᠳᠡᠭᠦᠨ ᠤ ᠣᠷᠠᠨ ᠪᠢᠴᠢᠯᠭᠡ ᠶᠢᠨ ᠪᠦᠳᠦᠭᠡᠯ ᠨᠢ ᠣᠯᠤᠰ ᠤᠨ ᠳᠤᠳᠤᠭᠠᠳᠤ ᠳᠤ ᠬᠠᠳᠠᠭᠠᠯᠠᠭᠳᠠᠵᠤ ᠪᠠᠢ᠌ᠬᠤ ᠪᠠᠷ ᠪᠠᠷᠠᠬᠤ ᠦᠭᠡᠶ ᠺᠠᠨᠠᠳᠠ ᠂ ᠭᠧᠷᠮᠡᠨ ᠂ ᠶᠠᠫᠣᠨ ᠂ ᠮᠤᠩᠭ᠋ᠤᠯ ᠵᠡᠷᠭᠡ ᠣᠯᠤᠰ ᠲᠤ ᠴᠤ ᠬᠠᠳᠠᠭᠠᠯᠠᠭᠳᠠᠵᠤ ᠪᠣᠢ ᠃

ᠬᠠᠢ᠌ᠱᠠᠨ ᠨᠥᠭᠦᠷ ᠦᠨᠦ ᠳᠡᠯᠡᠭᠡᠢ ᠶᠢᠨ ᠺᠠᠨᠠᠳᠠ ᠳ᠋ᠠᠭᠢ ᠣᠷᠠᠨ ᠪᠢᠴᠢᠯᠭᠡᠳᠡᠨ ᠤ ᠨᠡᠢ᠌ᠭᠡᠮᠯᠢᠭ᠌ ᠤᠨ ᠭᠡᠰᠢᠭᠦᠨ ᠂ ᠳᠤᠮᠳᠠᠳᠤ ᠣᠯᠤᠰ ᠤᠨ ᠵᠠᠯᠠᠭᠤ ᠣᠷᠠᠨ ᠪᠢᠴᠢᠯᠭᠡᠳᠡᠨ ᠤ ᠨᠡᠢ᠌ᠭᠡᠮᠯᠢᠭ᠌ ᠤᠨ ᠭᠡᠰᠢᠭᠦᠨ ᠂ ᠦᠪᠣᠷ ᠮᠤᠩᠭ᠋ᠤᠯ ᠤᠨ ᠮᠤᠩᠭ᠋ᠤᠯ ᠣᠷᠠᠨ ᠪᠢᠴᠢᠯᠭᠡᠳᠡᠨ ᠤ ᠨᠡᠢ᠌ᠭᠡᠮᠯᠢᠭ᠌ ᠤᠨ ᠨᠠᠷᠢᠨ ᠪᠢᠴᠢᠭᠡᠴᠢ ᠶᠢᠨ ᠳᠠᠳ᠋ ᠳᠠᠷᠤᠭ᠎ᠠ ᠂ ᠦᠪᠣᠷ ᠮᠤᠩᠭ᠋ᠤᠯ ᠤᠨ ᠣᠷᠠᠨ ᠪᠢᠴᠢᠯᠭᠡᠳᠡᠨ ᠤ ᠨᠡᠢ᠌ᠭᠡᠮᠯᠢᠭ᠌ ᠤᠨ ᠭᠡᠰᠢᠭᠦᠨ ᠂ ᠭᠦᠯᠤᠨ ᠪᠣᠢ᠌ᠷ ᠬᠤᠳᠠ ᠶᠢᠨ ᠣᠷᠠᠨ ᠪᠢᠴᠢᠯᠭᠡᠳᠡᠨ ᠤ ᠨᠡᠢ᠌ᠭᠡᠮᠯᠢᠭ᠌ ᠤᠨ ᠭᠡᠷᠡᠭ᠌ ᠡᠷᠭᠢᠯᠡᠭ᠍ᠴᠢ ᠮᠠᠳᠤ ᠶᠢᠨ ᠨᠡᠢ᠌ᠭᠡᠮ ᠤᠨ ᠳᠤᠰᠢᠶᠠᠯ ᠲᠡᠶ ᠃

 

ᠬᠠᠷᠢᠯᠴᠠᠬᠤ ᠬᠠᠶ‍ᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ ᠶᠢᠨ ᠵᠠᠯᠭᠠᠨ ᠭᠦᠮᠦᠵᠢᠭᠦᠯᠭᠦ ᠰᠤᠷᠭᠠᠭᠤᠯᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃