ᠬᠠᠨ ᠳᠠᠢᠴᠢᠨ

ᠵᠠᠯᠠᠭᠤ ᠵᠢᠷᠤᠭᠴᠢᠨ ᠬᠠᠨ ᠳᠠᠢ᠌ᠴᠢᠨ ᠂ ᠣᠭ ᠨᠠᠷ᠎ᠠ ᠬᠠᠨ ᠳ᠋ᠠᠴᠦ᠋ᠨ ᠃ 1963 ᠣᠨ ᠳᠤ ᠦᠪᠣᠷ ᠮᠤᠩᠭ᠋ᠤᠯ ᠤᠨ ᠲᠦᠩᠯᠢᠶᠤᠤ ᠬᠤᠳᠠ ᠶᠢᠨ ᠵᠠᠷᠤᠳ ᠨᠤᠳᠤᠭ ᠲᠡᠶ ᠡᠴᠢᠭᠡ ᠰᠢᠷᠠᠮᠤ ( ᠬᠠᠨ ᠸᠧᠨ ᠼᠠᠢ ) ᠪᠣᠯᠤᠨ ᠡᠭᠡ ᠶᠢᠨ ᠶ‍ᠢᠨ ᠨᠢᠤ ᠶᠢᠨ ᠬᠤᠶᠠᠳᠤᠭᠠᠷ ᠭᠦᠤ ᠨᠢ ᠪᠣᠯᠵᠤ ᠵᠠᠶᠠᠭᠠᠵᠠᠢ ᠃ ᠦᠨᠳᠦᠷ ᠵᠡᠷᠭᠡ ᠶᠢᠨ ᠳᠡᠭᠡᠳᠤ ᠰᠤᠷᠭᠠᠭᠤᠯᠢ ᠳᠡᠭᠦᠰᠴᠤ ᠥᠪᠠᠷᠳᠡᠭᠡᠨ ᠣᠷᠠᠨ ᠵᠢᠷᠤᠭ ᠣᠷᠤᠯᠳᠤᠵᠤ ᠰᠤᠷᠴᠠᠢ ᠃ 1983 ᠣᠨ ᠡᠴᠡ ᠣᠳᠤ ᠪᠣᠯᠳᠠᠯ᠎ᠠ ᠵᠠᠷᠤᠳ ᠬᠤᠰᠢᠭᠤᠨ ᠤ ᠰᠤᠶᠤᠯ ᠤᠨ ᠭᠡᠷ ᠤᠨ ᠣᠷᠠᠨ ᠵᠢᠷᠤᠭ ᠤᠨ ᠪᠠᠭᠰᠢ ᠪᠠᠷ ᠠᠵᠢᠯᠯᠠᠵᠤ ᠪᠠᠢ᠌ᠨ᠎ᠠ ᠃ ᠳᠤᠮᠳᠠᠳᠤ ᠣᠯᠤᠰ ᠤᠨ ᠪᠠᠷ ᠵᠢᠷᠤᠭᠴᠢᠤᠨ ᠤᠨ ᠨᠡᠢ᠌ᠭᠡᠮᠯᠢᠭ᠌ ᠤᠨ ᠭᠡᠰᠢᠭᠦᠨ ᠂ ᠳᠤᠮᠳᠠᠳᠤ ᠣᠯᠤᠰ ᠤᠨ ᠣᠷᠠᠨ ᠵᠢᠷᠤᠭᠴᠢᠤᠨ ᠤᠨ ᠨᠡᠢ᠌ᠭᠡᠮᠯᠢᠭ᠌ ᠤᠨ ᠭᠡᠰᠢᠭᠦᠨ ᠂ ᠵᠠᠷᠤᠳ ᠬᠤᠰᠢᠭᠤᠨ ᠤ ᠣᠷᠠᠨ ᠵᠢᠷᠤᠭᠴᠢᠤᠨ ᠤᠨ ᠨᠡᠢ᠌ᠭᠡᠮᠯᠢᠭ᠌ ᠤᠨ ᠳᠠᠳ᠋ ᠳᠡᠷᠢᠭᠦᠯᠡᠭ᠍ᠴᠢ ᠂ ᠨᠠᠷᠢᠨ ᠪᠢᠴᠢᠭᠡᠴᠢ ᠶᠢᠨ ᠠᠵᠢᠯ ᠢ ᠬᠠᠪᠰᠤᠷᠭᠠᠨ ᠭᠢᠵᠤ ᠪᠣᠢ ᠃ 1994 ᠣᠨ ᠳᠤ ᠂ ᠭᠦᠭᠡᠬᠤᠳᠡ ᠶᠢᠨ ᠪᠠᠭᠰᠢ ᠶᠢᠨ ᠶᠡᠭᠡ ᠰᠤᠷᠭᠠᠭᠤᠯᠢ ᠳᠤ ᠬᠤᠪᠢ ᠭᠦᠮᠤᠨ ᠤ ᠳᠡᠯᠭᠡᠨ ᠥᠵᠡᠭᠦᠯᠦᠯᠭᠡ ᠶᠢ ᠡᠷᠭᠢᠯᠡᠵᠡᠢ ᠃ 1995 ᠣᠨ ᠳᠤ ᠂ ᠪᠠᠷ ᠵᠢᠷᠤᠭ 《ᠭᠦᠮᠤᠨ ᠪᠠ ᠠᠮᠢᠳᠠᠨ》 ᠪᠦᠭᠦ ᠣᠯᠤᠰ ᠤᠨ 12 ᠳ᠋ᠤᠭᠠᠷ ᠬᠤᠭᠤᠴᠠᠭᠠᠨ ᠤ ᠪᠠᠷ ᠵᠢᠷᠤᠭ ᠤᠨ ᠳᠡᠯᠭᠡᠨ ᠥᠵᠡᠭᠦᠯᠦᠯᠭᠡ ᠳᠤ ᠣᠷᠤᠯᠴᠠᠵᠠᠢ ᠃ 1998 ᠣᠨ ᠳᠤ ᠂ ᠪᠠᠷ ᠵᠢᠷᠤᠭ 《ᠨᠠᠷᠠ ᠰᠠᠷᠠᠨ ᠤ ᠡᠭᠡ ᠨᠤᠳᠤᠭ》 ᠳᠤᠮᠳᠠᠳᠤ ᠣᠯᠤᠰ ᠤᠨ ᠴᠥᠭᠡᠨ ᠳᠤᠭᠠᠳᠤ ᠦᠨᠳᠦᠰᠦᠳᠠᠨ ᠤ 《ᠦᠨᠳᠦᠰᠦᠳᠠᠨ ᠤ ᠦᠨᠢᠷ ᠴᠡᠴᠡᠭ᠌》 ᠣᠷᠠᠨ ᠵᠢᠷᠤᠭ ᠤᠨ ᠳᠡᠯᠭᠡᠨ ᠥᠵᠡᠭᠦᠯᠦᠯᠭᠡ ᠳᠤ ᠮᠥᠩᠭᠦᠨ ᠮᠸᠲ᠋ᠠᠯ ᠭᠦᠷᠳᠡᠵᠡᠢ ᠃ 2000 ᠣᠨ ᠳᠤ ᠂ ᠪᠠᠷ ᠵᠢᠷᠤᠭ 《ᠭᠡᠰᠢᠭ᠌ ᠭᠡᠢ᠌ᠮᠦᠷᠢ ᠬᠤᠷᠤᠢ ᠬᠤᠷᠤᠢ》 ᠂ 《ᠰᠢᠨ᠎ᠠ ᠮᠢᠩᠭ᠋ᠠᠨ ᠤ ᠵᠢᠷᠤᠭ ᠤᠨ ᠥᠵᠡᠰᠭᠦᠯᠡᠩ》 ᠳᠤ ᠠᠯᠳᠠᠨ ᠮᠸᠲ᠋ᠠᠯ ᠭᠦᠷᠳᠡᠪᠡ ᠃ 2002 ᠣᠨ ᠳᠤ ᠂ ᠪᠠᠷ ᠵᠢᠷᠤᠭ 《ᠭᠡᠦᠭᠡᠨ ᠮᠤᠷᠳᠠᠭᠤᠯᠬᠤ》 ᠪᠦᠭᠦ ᠣᠯᠤᠰ ᠤᠨ 16 ᠳ᠋ᠤᠭᠠᠷ ᠬᠤᠭᠤᠴᠠᠭᠠᠨ ᠤ ᠪᠠᠷ ᠵᠢᠷᠤᠭ ᠤᠨ ᠥᠵᠡᠭᠦᠯᠦᠯᠭᠡ ᠳᠤ ᠣᠷᠤᠯᠴᠠᠵᠠᠢ ᠃ 2004 ᠣᠨ ᠳᠤ ᠂ ᠪᠠᠷ ᠵᠢᠷᠤᠭ 《ᠨᠢᠭᠡᠨ ᠦᠶ᠎ᠡ ᠶᠢᠨ ᠳᠡᠭ᠍ᠷᠢᠯᠢᠭ᠌ ᠭᠦᠪᠠᠭᠦᠨ ᠴᠢᠩᠭᠢᠰ ᠬᠠᠭᠠᠨ》 ᠪᠦᠭᠦ ᠣᠯᠤᠰ ᠤᠨ ᠴᠥᠭᠡᠨ ᠳᠤᠭᠠᠳᠤ ᠦᠨᠳᠦᠰᠦᠳᠠᠨ ᠤ 《ᠦᠨᠳᠦᠰᠦᠳᠠᠨ ᠤ ᠦᠨᠢᠷ ᠴᠡᠴᠡᠭ᠌》 ᠣᠷᠠᠨ ᠵᠢᠷᠤᠭ ᠤᠨ ᠳᠡᠯᠭᠡᠨ ᠥᠵᠡᠭᠦᠯᠦᠯᠭᠡ ᠳᠤ ᠮᠥᠩᠭᠦᠨ ᠮᠸᠲ᠋ᠠᠯ ᠭᠦᠷᠳᠡᠵᠡᠢ ᠃ ᠵᠢᠴᠢ ᠳᠤᠰ ᠵᠢᠯ ᠳᠤ ᠪᠦᠭᠦᠳᠡ ᠨᠠᠢ᠌ᠷᠠᠮᠳᠠᠬᠤ ᠮᠤᠩᠭ᠋ᠤᠯ ᠠᠷᠠᠤᠨ ᠣᠯᠤᠰ ᠤᠨ ᠣᠯᠠᠭᠠᠠᠪᠠᠭᠠᠳᠤᠷ ᠬᠤᠳᠠ ᠳᠤ ᠬᠤᠪᠢ ᠭᠦᠮᠤᠨ ᠤ ᠳᠡᠯᠭᠡᠨ ᠥᠵᠡᠭᠦᠯᠦᠯᠭᠡ ᠡᠷᠭᠢᠯᠡᠵᠡᠢ ᠃ 2006 ᠣᠨ ᠳᠤ ᠂ ᠪᠠᠷ ᠵᠢᠷᠤᠭ 《ᠪᠦᠷᠳᠡ ᠴᠢᠨ᠋ᠸ᠎ᠠ》 ᠂ 《ᠰᠠᠤᠠᠭᠢᠯ ᠤᠨ ᠡᠭᠡᠰᠢᠭ᠌》 ᠪᠣᠯᠤᠨ 《ᠵᠢᠩᠭ᠋ᠠᠷ ᠤᠨ ᠣᠯᠠ ᠮᠦᠷ》 ᠵᠡᠷᠭᠡ ᠪᠦᠳᠦᠭᠡᠯ ᠨᠢ ᠪᠦᠭᠦ ᠣᠯᠤᠰ ᠤᠨ ᠮᠤᠩᠭ᠋ᠤᠯ ᠳᠤᠮᠳᠠᠳᠤ ᠪᠠᠭ᠎ᠠ ᠰᠤᠷᠭᠠᠭᠤᠯᠢ ᠶᠢᠨ 《ᠣᠩᠰᠢᠬᠤ ᠪᠢᠴᠢᠭ᠌》 ᠊ᠤᠨ ᠨᠢᠭᠤᠷ ᠤᠨ ᠵᠢᠷᠤᠭ ᠶᠢᠡᠷ ᠰᠤᠩᠭ᠋ᠤᠭᠳᠠᠪᠠ ᠃ ᠪᠠᠰᠠ ᠶᠠᠫᠣᠨ ᠂ ᠣᠷᠤᠰ ᠂ ᠰᠢᠩᠭ᠋ᠠᠪᠣᠷ ᠂ ᠭᠧᠷᠮᠡᠨ ᠂ ᠠᠤᠢᠰᠲ᠋ᠷᠠᠯᠢᠶ᠎ᠠ ᠵᠡᠷᠭᠡ ᠣᠯᠤᠰ ᠶᠢᠡᠷ ᠳᠡᠯᠭᠡᠭ᠍ᠳᠡᠵᠡᠢ᠃

 

ᠣᠷᠠᠯᠢᠭ ᠰᠤᠯᠤᠩᠭ᠋ᠠᠷᠠᠭᠰᠠᠨ ᠨᠤᠳᠤᠭ ᠤᠨ ᠦᠪ ᠭᠡᠷᠡᠯᠳᠦᠭᠦᠯᠦᠭ᠍ᠰᠡᠨ ᠣᠳᠤᠨ

 

᠊᠊᠊᠊᠊᠊᠊᠊ ᠵᠠᠯᠠᠭᠤ ᠪᠠᠷ ᠵᠢᠷᠤᠭᠴᠢᠨ ᠬᠠᠨ ᠳᠠᠢ᠌ᠴᠢᠨ ᠢ ᠳᠡᠮᠳᠡᠭᠯᠡᠪᠡ

 

ᠭᠤᠮᠪᠣ ᠂ ᠴᠦᠩ ᠰᠢᠶᠠᠨ ᠮᠢᠩ

 

ᠦᠨᠳᠦᠰᠦᠳᠠᠨ ᠤ ᠰᠤᠶᠤᠯ ᠤᠨ ᠦᠨᠦᠷ ᠠᠮᠳᠠ ᠬᠠᠩᠬᠤᠯᠤᠭᠰᠠᠨ ᠵᠠᠷᠤᠳ ᠨᠤᠳᠤᠭ ᠡᠴᠡ ᠫᠠᠵᠠᠢ ᠂ ᠮᠤᠤᠠᠤᠭᠢᠨ ᠂ ᠵᠠᠨ᠎ᠠ ᠵᠡᠷᠭᠡ ᠭᠤᠷᠪᠠᠨ ᠭᠦᠮᠦᠰ ᠂ ᠥᠪᠠᠷᠳᠡᠭᠡᠨ ᠵᠠᠰᠠᠬᠤ ᠣᠷᠤᠨ ᠡᠴᠡ ᠨᠡᠷᠡᠢ᠌ᠳᠦᠭ᠍ᠰᠡᠨ ᠮᠤᠩᠭ᠋ᠤᠯ ᠦᠨᠳᠦᠰᠦᠳᠠᠨ ᠤ ᠳᠠᠭᠤᠷᠢᠯᠢᠭ ᠤᠨ ᠳᠠᠷᠬᠠᠨ ᠭᠦᠮᠦᠵᠢᠭ᠍ᠳᠡᠨ ᠭᠠᠷᠤᠭᠰᠠᠨ ᠶᠢᠡᠷ ᠪᠠᠷᠠᠬᠤ ᠦᠭᠡᠶ ᠪᠠᠰᠠ ᠨᠢᠭᠡ ᠪᠦᠯᠦᠭ᠌ ᠰᠤᠶᠤᠯ ᠣᠷᠠᠯᠢᠭ ᠤᠨ ᠰᠤᠳᠤᠨ ᠭᠦᠮᠦᠰ ᠴᠤᠯᠭᠤᠷᠠᠨ ᠭᠠᠷᠤᠭᠰᠠᠨ ᠪᠠᠢ᠌ᠨ᠎ᠠ ᠃ ᠵᠥᠪᠭᠡᠨ ᠣᠷᠠᠨ ᠵᠢᠷᠤᠭ ᠶᠢᠡᠷ ᠵᠢᠱᠢᠶᠡᠯᠡᠭᠦ ᠳᠤ ᠪᠦᠭᠦ ᠣᠯᠤᠰ ᠪᠣᠯᠤᠨ ᠥᠪᠠᠷᠳᠡᠭᠡᠨ ᠵᠠᠰᠠᠬᠤ ᠣᠷᠤᠨ ᠳᠤ ᠨᠠᠷ᠎ᠠ ᠠᠯᠳᠠᠷᠰᠢᠭᠰᠠᠨ ᠵᠢᠷᠤᠭᠴᠢᠨ ᠭᠤᠮᠪᠣ ᠂ ᠭᠤᠠᠴᠤᠭ ᠂ ᠵᠤᠷᠢᠭᠳᠤ ᠂ ᠬᠠᠢ᠌ᠷᠬᠠᠨ ᠂ ᠠᠨ ᠢᠤᠢ ᠮᠢᠨ ᠂ ᠪᠦᠷᠭᠦᠤᠨ ᠵᠡᠷᠭᠡ ᠭᠦᠮᠦᠰ ᠢ ᠪᠢᠰᠢᠷᠡᠭᠦᠯᠦᠮ᠎ᠡ ᠣᠷᠤᠯᠳᠤᠯᠭ᠎ᠠ ᠪᠦᠳᠦᠭᠡᠯ ᠲᠡᠶ ᠭᠦᠮᠤᠨ ᠪᠣᠢ ᠃ ᠳᠠᠢ᠌ᠴᠢᠨ ᠶᠠᠭ ᠡᠢ᠌ᠮᠦᠷᠭᠦᠤ ᠰᠤᠶᠤᠯ ᠣᠷᠠᠯᠢᠭ ᠰᠤᠯᠤᠩᠭ᠋ᠠᠷᠠᠭᠰᠠᠨ ᠨᠤᠳᠤᠭ ᠲᠤ ᠦᠰᠴᠦ ᠪᠣᠢ᠌ᠵᠢᠭᠰᠠᠨ ᠶᠤᠮ ᠃

1963 ᠣᠨ ᠳᠤ ᠂ ᠳᠠᠢ᠌ᠴᠢᠨ ᠵᠠᠷᠤᠳ ᠬᠤᠰᠢᠭᠤᠨ ᠤ ᠮᠤᠳᠤ ᠭᠦᠩᠱᠧ ( ᠰᠤᠮᠤ ) ᠶᠢᠨ ᠨᠤᠶᠠᠨ ᠰᠦᠮ᠎ᠡ ᠳᠤᠰᠬᠤᠨ ( ᠣᠳᠤ ᠶᠢᠨ ᠪᠣᠯᠤᠩ ᠭᠠᠴᠠᠭ᠎ᠠ ) ᠤ ᠨᠢᠭᠡᠨ ᠮᠤᠩᠭ᠋ᠤᠯ ᠠᠢ᠌ᠯ ᠳᠤ ᠦᠷ᠎ᠡ ᠪᠣᠯᠤᠨ ᠵᠠᠶᠠᠭᠠᠵᠠᠢ ᠃ ᠡᠭᠡᠴᠢ ᠳᠡᠭᠦᠤ ᠳᠠᠪᠣᠭᠤᠯᠠ ᠂ ᠳᠠᠷᠠ ᠳᠤᠮᠳᠠᠭᠢ ᠨᠢ ᠶᠤᠮ ᠂ ᠠᠪᠣ ᠨᠢ ᠬᠠᠩᠭ᠋ᠠᠨ ᠪᠣᠷᠤᠯᠠᠭᠤᠯᠬᠤ ᠬᠤᠷᠰᠢᠶᠠᠨ ᠤ ᠠᠵᠢᠯᠳᠠᠨ ᠂ ᠡᠵᠢ ᠨᠢ ᠨᠢᠭᠡᠨ ᠮᠠᠯᠴᠢᠨ ᠪᠦᠰᠡᠭᠦᠢ ᠪᠣᠯᠬᠤ ᠶᠤᠮ ᠃ ᠳᠠᠳᠠᠨᠠᠢ᠌ᠭᠢᠨ ᠤ ᠠᠮᠢᠳᠤᠷᠠᠯ ᠠᠢ᠌ᠯ ᠠᠢ᠌ᠮᠠᠭ ᠡᠴᠡ ᠪᠠᠨ ᠣᠠᠴᠠᠯᠠᠭᠳᠠᠬᠤ ᠴᠤᠷᠢ ᠶᠢᠨ ᠭᠠᠭᠴᠠ ᠵᠣᠢ᠌ᠯ ᠭᠡᠪᠠᠯ ᠠᠪᠣ ᠨᠢ ᠬᠤᠭᠤᠷ ᠤᠨ ᠥᠯᠢᠭᠡᠷ ᠲᠤ ᠴᠤᠬᠤᠮ ᠭᠦ ᠰᠢᠨᠤᠯ ᠲᠡᠶ ᠂ ᠳᠠᠷᠠ ᠳᠠᠯ᠎ᠠ ᠨᠤᠳᠤᠭ ᠤᠨ ᠣᠷᠠᠯᠢᠭᠴᠢᠨ ᠭᠡᠮᠡᠨ ᠨᠠᠷ᠎ᠠ ᠠᠯᠳᠠᠷᠰᠢᠭᠰᠠᠨ ᠵᠠᠨ᠎ᠠ ᠬᠤᠭᠤᠷᠴᠢ ᠶᠢᠨ ᠳᠤᠤᠷ᠎ᠠ ᠱᠠᠪᠢ ᠣᠷᠤᠵᠤ ᠥᠩᠭᠡᠷᠡᠭ᠍ᠰᠡᠨ ᠪᠣᠯᠬᠤᠷ ᠴᠢᠯᠦᠭᠡ ᠯᠠ ᠣᠯᠳᠠᠪᠠᠯ ᠳᠦᠷᠪᠡᠨ ᠣᠳᠠᠰᠤᠳᠤ ᠬᠤᠭᠤᠷ ᠶᠢᠡᠨ ᠭᠦᠭᠯᠡᠭᠦᠯᠵᠤ ᠨᠢᠭᠡ ᠪᠠᠳᠠᠭ ᠶᠠᠪᠣᠭᠤᠯᠴᠢᠬᠠᠳᠠᠭ ᠁ ᠶᠠᠭ ᠡᠢ᠌ᠮᠤ ᠡᠴᠡ ᠳᠠᠳᠠᠨᠠᠢ᠌ᠭᠢᠨ ᠳᠤ ᠵᠢᠭᠡᠯᠡᠵᠤ ᠠᠪᠴᠢᠷᠠᠭᠰᠠᠨ ᠪᠣᠶᠤ ᠬᠤᠳᠠᠯᠳᠤᠵᠤ ᠠᠪᠣᠭᠰᠠᠨ 《ᠱᠦᠢ ᠬᠤ ᠶᠢᠨ ᠥᠯᠢᠭᠡᠷ》 ᠂ 《ᠭᠤᠷᠪᠠᠨ ᠣᠯᠤᠰ ᠤᠨ ᠥᠯᠢᠭᠡᠷ》 ᠵᠡᠷᠭᠡ ᠨᠤᠮ ᠤᠳ ᠶᠡᠷᠦᠳᠡᠭᠡᠨ ᠬᠠᠷᠠᠭᠳᠠᠳᠠᠭ ᠃ ᠪᠢᠴᠢᠬᠠᠨ ᠳᠠᠢ᠌ᠴᠢᠨ ᠠᠪᠣ ᠶᠢᠨ ᠶᠢᠡᠨ ᠭᠡᠯᠡᠭᠦ ᠬᠤᠭᠤᠷ ᠤᠨ ᠥᠯᠢᠭᠡᠷ ᠢ ᠰᠤᠨᠤᠰᠬᠤ ᠶᠢᠨ ᠳᠠᠭᠠᠤ ᠦᠨᠦᠭᠢ ᠳᠤᠮᠤ ᠭᠦᠮᠦᠰ ᠰᠠᠶ‍ᠢ ᠣᠩᠰᠢᠵᠤ ᠳᠦᠭᠦᠭᠡᠷᠡᠳᠡᠭ᠌ ᠨᠤᠮ ᠤᠳ ᠢ ᠣᠷᠪᠠᠭᠤᠯᠵᠤ ᠰᠠᠭᠤᠳᠠᠭ ᠪᠠᠢ᠌ᠵᠠᠢ ᠃ ᠨᠤᠮ ᠣᠷᠪᠠᠭᠤᠯᠤᠭᠰᠠᠭᠠᠷ ᠪᠠᠢ᠌ᠵᠤ ᠠᠭᠠᠵᠢᠮ ᠶᠢᠡᠷ ᠨᠤᠮ ᠳ᠋ᠠᠭᠢ ᠪᠠᠢ᠌ᠯᠳᠤᠭᠠᠨ ᠤ ᠳᠠᠯᠠᠪᠣᠷ ᠤᠨ ᠵᠡᠭᠦᠯᠳᠡ ᠵᠢᠷᠤᠭ ᠲᠤ ᠣᠷᠮ᠎ᠠ ᠪᠠᠬ᠎ᠠ ᠲᠡᠶ ᠪᠣᠯᠴᠢᠬᠠᠪᠠ ᠃ ᠳᠤᠷ᠎ᠠ ᠰᠤᠨᠢᠷᠬᠠᠯ ᠨᠢ ᠬᠠᠮᠤᠭ ᠰᠠᠢ᠌ᠨ ᠪᠠᠭᠰᠢ ᠪᠣᠯᠳᠠᠭ ᠭᠡᠳᠡᠭ᠌ ᠶᠢᠡᠷ ᠪᠢᠴᠢᠬᠠᠨ ᠳᠠᠢ᠌ᠴᠢᠨ ᠭᠡᠷ ᠳᠠᠭᠢ ᠵᠡᠭᠦᠯᠳᠡ ᠵᠢᠷᠤᠭ ᠲᠡᠶ ᠨᠤᠮ ᠪᠦᠭᠦᠨ ᠢ ᠡᠷᠢᠨ ᠭᠠᠷᠭᠠᠵᠤ ᠰᠢᠮᠡᠳᠡᠢ᠌ᠭᠡᠨ ᠳᠠᠭᠤᠷᠢᠶᠠᠨ ᠵᠢᠷᠤᠳᠠᠭ ᠂ ᠢᠩᠭᠢᠵᠤ ᠳᠡᠭᠦᠨ ᠤ ᠭᠡᠷ ᠤᠨ ᠬᠠᠨ᠎ᠠ ᠨᠢ ᠴᠦᠮ ᠳᠡᠭᠦᠨ ᠤ 《ᠳᠤᠮᠤ ᠪᠦᠳᠦᠭᠡᠯ》 ᠶᠢᠡᠷ ᠳᠦᠭᠦᠷᠴᠤ ᠪᠠᠢ᠌ᠯ᠎ᠠ ᠃ ᠡᠵᠢ ᠠᠪᠣ ᠨᠢ ᠡᠨᠡ ᠶᠠᠪᠣᠳᠠᠯ ᠳᠤ ᠳᠡᠭᠦᠨ ᠢ ᠵᠢᠮᠡᠯᠡᠭᠡ ᠦᠭᠡᠶ ᠮᠥᠷᠳᠡᠭᠡᠨ ᠠᠪᠣ ᠨᠢ ᠬᠠᠶᠠ ᠪᠠᠰᠠ ᠳᠡᠭᠦᠨ ᠳᠤ ᠵᠢᠭᠠᠵᠤ ᠳᠤᠭᠢᠵᠤ ᠥᠭ᠍ᠳᠡᠭ᠌ ᠪᠠᠢ᠌ᠵᠠᠢ ᠃ ᠠᠪᠣ ᠶᠢᠨ ᠭᠢᠨᠢ ᠳᠠᠷᠠ ᠦᠶᠡᠰ ᠵᠢᠭᠠᠵᠤ ᠳᠤᠭᠢᠵᠤ ᠥᠭ᠍ᠴᠤ ᠪᠠᠢ᠌ᠭᠰᠠᠨ ᠨᠢ ᠦᠨᠦᠳᠤᠷ ᠤᠨ ᠳᠠᠢ᠌ᠴᠢᠨ ᠳᠤ ᠠᠪᠴᠤ ᠭᠡᠯᠡᠪᠠᠯ ᠶᠠᠯᠢᠮ ᠥᠭᠡᠢ᠌ᠭᠡᠨ ᠶᠠᠪᠣᠳᠠᠯ ᠪᠠᠢ᠌ᠭᠰᠠᠨ ᠴᠤ ᠳᠤᠬᠠᠢ ᠶᠢᠨ ᠦᠶᠡᠰ ᠳᠡᠭᠦᠨ ᠳᠤ ᠯᠤᠳᠤ ᠶᠡᠭᠡ ᠵᠤᠷᠢᠭᠵᠢᠭᠤᠯᠤᠯ ᠪᠣᠯᠵᠤ ᠪᠠᠢ᠌ᠭᠰᠠᠨ ᠨᠢ ᠳᠠᠮᠵᠢᠭ ᠦᠭᠡᠶ ᠃ ᠡᠵᠢ ᠨᠢ ᠭᠦᠤ ᠶᠢᠨ ᠶᠢᠡᠨ ᠡᠨᠡ ᠮᠠᠳᠤ ᠵᠢᠷᠤᠭ ᠲᠤ ᠰᠢᠨᠤᠯ ᠲᠡᠶ ᠪᠠᠢ᠌ᠬᠤ ᠶᠢ ᠬᠠᠷᠠᠭᠠᠤᠨ ᠮᠦᠨ ᠭᠦ ᠦᠪᠡᠷ ᠤᠨ ᠶᠢᠡᠨ ᠠᠷᠭ᠎ᠠ ᠭᠡᠯᠪᠠᠷᠢ ᠪᠠᠷ ᠭᠦᠤ ᠪᠠᠨ ᠬᠠᠯᠠᠮᠵᠢᠯᠠᠨ ᠳᠠᠮᠵᠢᠵᠤ ᠪᠠᠢ᠌ᠯ᠎ᠠ ᠃ ᠡᠵᠢ ᠨᠢ ᠰᠢᠨᠡᠯᠡᠭᠦ ᠪᠣᠯᠤᠭᠰᠠᠭᠠᠷ ᠭᠠᠬᠠᠢ ᠬᠤᠨᠢᠨ ᠤ ᠳᠤᠯᠤᠭᠠᠢ ᠶᠢ ᠴᠢᠨᠠᠵᠤ ᠂ ᠪᠢᠴᠢᠬᠠᠨ ᠳᠠᠢ᠌ᠴᠢᠨ ᠢ ᠡᠮᠦᠨ᠎ᠡ ᠪᠠᠨ ᠳᠠᠭᠤᠳᠠᠨ ᠠᠪᠴᠢᠷᠠᠵᠤ ᠂ ᠭᠠᠬᠠᠢ ᠬᠤᠨᠢᠨ ᠤ ᠳᠠᠩᠨᠠᠢ ᠶᠢ ᠠᠪᠴᠤ ᠄ 《ᠨᠠᠰᠤᠳᠠᠢ᠌ᠴᠤᠳ ᠤᠨ ᠭᠡᠯᠡᠭᠦ ᠪᠠᠷ ᠥᠭᠡᠷ ᠤᠨ ᠳᠠᠩᠨᠠᠢ ᠶᠢᠨ ᠶᠠᠰᠤᠨ ᠳᠤ ᠭᠦᠪᠳᠡᠭ᠍ᠳᠡᠭ᠍ᠰᠡᠨ ᠭᠠᠷ ᠣᠷᠠᠨ ᠳᠠᠮᠳᠠᠢ ᠪᠣᠯᠳᠠᠭ》 ᠭᠡᠵᠤ ᠭᠡᠯᠡᠭᠦ ᠶᠢᠨ ᠳᠠᠭᠠᠤ ᠳᠡᠭᠦᠨ ᠤ ᠭᠠᠷ ᠢ ᠭᠠᠷ ᠲᠠᠭᠠᠨ ᠠᠤᠠᠬᠤᠵᠤ ᠪᠠᠢ᠌ᠭᠠᠤᠨ ᠭᠦᠩᠭᠡᠭᠡᠨ ᠭᠡᠳᠤ ᠴᠤᠭᠢᠳᠠᠭ ᠪᠠᠢ᠌ᠯ᠎ᠠ ᠃ ᠡᠵᠢ ᠶᠢᠨ ᠶᠢᠡᠨ ᠲᠦᠪ ᠭᠢᠴᠢᠶᠡᠩᠭᠦᠢ ᠪᠦᠭᠡᠤᠨ ᠢᠳᠡᠭᠡᠯ ᠨᠠᠢ᠌ᠳᠠᠯᠭ᠎ᠠ ᠠᠭᠤᠰᠤᠭᠰᠠᠨ ᠬᠠᠷᠠᠴᠠ ᠶᠢ ᠬᠠᠷᠠᠭᠠᠤᠨ ᠳᠠᠷᠠ ᠮᠠᠨᠢ 《ᠡᠵᠢ ᠶᠢᠨ ᠶᠢᠡᠨ ᠭᠦᠰᠡᠯ ᠢ ᠭᠦᠰᠡᠷᠳᠡᠭᠦᠯᠭᠦ ᠦᠭᠡᠶ ᠂ ᠥᠵᠦᠭᠦᠷ ᠳᠤᠨᠢ ᠭᠠᠷᠳᠠᠯ᠎ᠠ ᠵᠢᠷᠤᠵᠤ ᠣᠷᠤᠯᠳᠤᠶ᠎ᠠ ︕》 ᠭᠡᠵᠤ ᠰᠠᠤᠠᠭᠢᠯ ᠳᠡᠭᠡᠨ ᠰᠠᠮ ᠰᠢᠭᠤᠤᠠᠴᠤ ᠪᠢᠯᠠ ᠃ ᠨᠢᠭᠡᠨ ᠣᠳᠠᠭ᠎ᠠ ᠶᠢᠨ ᠣᠷᠠᠨ ᠵᠢᠷᠤᠭ ᠤᠨ ᠭᠢᠴᠢᠶᠠᠯ ᠳᠡᠭᠡᠷ᠎ᠡ ᠂ ᠪᠠᠭᠰᠢ ᠨᠢ ᠰᠠᠮᠪᠠᠷ᠎ᠠ ᠳᠡᠭᠡᠷ᠎ᠡ ᠣ ᠶᠢᠨ ᠪᠢᠷ ᠶᠢᠡᠷ ᠨᠢᠭᠡᠨ ᠳ᠋ᠠᠮ ᠢᠯᠳᠤ ᠵᠢᠷᠤᠵᠤ ᠰᠤᠷᠤᠭᠴᠢᠤᠨ ᠲᠠᠭᠠᠨ ᠡᠭᠦᠨ ᠢ ᠳᠠᠭᠤᠷᠢᠶᠠᠨ ᠵᠢᠷᠤᠭᠠᠷᠠᠢ ᠭᠡᠵᠤ ᠳᠤᠰᠢᠶᠠᠭᠠᠤᠨ ᠭᠠᠷᠪᠠ ᠂ ᠭᠢᠴᠢᠶᠠᠯ ᠪᠠᠭᠤᠬᠤ ᠡᠴᠡ ᠡᠮᠦᠨ᠎ᠡ ᠳᠠᠰᠬᠠᠯ ᠶᠢᠡᠨ ᠬᠤᠷᠢᠶᠠᠮᠵᠢᠯᠠᠬᠤ ᠪᠠᠷ ᠢᠷᠡᠭ᠍ᠰᠡᠨ ᠪᠠᠭᠰᠢ ᠨᠢ ᠦᠪᠡᠷ ᠤᠨ ᠰᠠᠮᠪᠠᠷ᠎ᠠ ᠳᠡᠭᠡᠷ᠎ᠡ ᠵᠢᠷᠤᠭᠰᠠᠨ 《ᠨᠢᠴᠦᠭᠦᠨ》 ᠳ᠋ᠠᠮ ᠢᠯᠳᠤ ᠨᠢ ᠣᠯᠠᠭᠠᠨ ᠵᠠᠯᠠᠭ᠎ᠠ ᠭᠡᠢ᠌ᠰᠭᠡᠴᠢᠭᠡᠭ᠍ᠰᠡᠨ ᠨᠠᠩ ᠠᠮᠢᠳᠤ ᠳᠦᠷᠰᠦᠯᠢᠭ᠌ ᠪᠣᠯᠴᠢᠬᠠᠭᠰᠠᠨ ᠢ ᠬᠠᠷᠠᠭᠠᠤᠨ ᠄ 《ᠡᠭᠦᠨ ᠢ ᠭᠡᠨ ᠨᠠᠮᠠᠵᠤ ᠵᠢᠷᠤᠭᠰᠠᠨ ᠪᠣᠢ ︖》 ᠭᠡᠭᠦ ᠳᠤ ᠂ ᠬᠠᠮᠳᠤ ᠰᠤᠷᠤᠯᠭᠠᠳᠠᠤᠨ ᠤᠨ ᠭᠢᠨ ᠨᠢᠳᠤ ᠴᠦᠮ ᠪᠢᠴᠢᠬᠠᠨ ᠳᠠᠢ᠌ᠴᠢᠨ ᠤ ᠳᠡᠭᠡᠷ᠎ᠡ ᠳᠤᠰᠪᠠ ᠃ ᠣᠳᠤ ᠴᠤ ᠰᠢᠭᠦᠮᠵᠢᠯᠡᠭ᠍ᠳᠡᠭᠦ ᠶᠤᠮ ᠪᠠᠢ᠌ᠨ᠎ᠠ ᠭᠡᠵᠤ ᠪᠣᠳᠤᠭᠰᠠᠨ ᠪᠢᠴᠢᠬᠠᠨ ᠳᠠᠢ᠌ᠴᠢᠨ ᠠᠶᠤᠵᠤ ᠡᠮᠢᠶᠡᠨ ᠪᠣᠰᠴᠤ ᠵᠤᠭᠰᠤᠭᠰᠠᠨ ᠳᠤ ᠪᠠᠭᠰᠢ ᠨᠢ ᠳᠡᠭᠦᠨ ᠢ ᠰᠢᠭᠦᠮᠵᠢᠯᠡᠭ᠍ᠰᠡᠨ ᠦᠭᠡᠶ ᠮᠥᠷᠳᠡᠭᠡᠨ ᠬᠠᠷᠢᠨ ᠨᠠᠮᠠᠵᠤ ᠵᠢᠷᠤᠭᠰᠠᠨ ᠢ ᠨᠢ ᠰᠠᠢ᠌ᠰᠢᠶᠠᠨ ᠮᠠᠭᠳᠠᠪᠠ ᠃ ᠳᠤᠰ ᠶᠠᠪᠣᠳᠠᠯ ᠨᠢ ᠪᠢᠴᠢᠬᠠᠨ ᠳᠠᠢ᠌ᠴᠢᠨ ᠢ ᠰᠠᠢ᠌ᠨ ᠨᠢᠭᠡ ᠣᠮᠤᠭᠰᠢᠭᠤᠯᠵᠤ ᠣᠷᠭᠢᠵᠠᠢ ᠃ ᠢᠷᠠᠭᠤ ᠠᠯᠳᠠᠷ ᠭᠢᠭᠡᠤᠨ ᠬᠠᠷᠢᠭᠤᠴᠠᠯᠭ᠎ᠠ ᠶᠠᠷᠤ ᠨᠢ ᠬᠠᠮᠳᠤ ᠣᠷᠤᠰᠢᠵᠤ ᠪᠠᠢ᠌ᠳᠠᠭ ᠂ ᠨᠢᠭᠡᠨ ᠭᠦᠮᠤᠨ ᠢᠷᠠᠭᠤ ᠠᠯᠳᠠᠷ ᠭᠦᠷᠳᠡᠭ᠍ᠰᠡᠨ ᠤ ᠬᠣᠢ᠌ᠨ᠎ᠠ ᠣᠬᠠᠮᠰᠠᠷ ᠡᠴᠡ ᠪᠠᠨ ᠳᠡᠭᠦᠨ ᠢ ᠪᠠᠨ ᠨᠠᠠᠳᠢᠩᠨᠠᠵᠤ ᠬᠠᠮᠠᠭᠠᠯᠠᠳᠠᠭ ᠂ ᠡᠨᠡ ᠦᠶᠡᠰ ᠂ ᠢᠷᠠᠭᠤ ᠠᠯᠳᠠᠷ ᠨᠢ ᠳᠠᠷᠤᠢ ᠭᠡᠮᠵᠢᠶᠡᠯᠡᠰᠢ ᠦᠭᠡᠶ ᠭᠦᠳᠡᠯᠭᠡᠭ᠍ᠴᠢ ᠭᠦᠴᠤᠨ ᠪᠣᠯᠳᠠᠭ ᠶᠤᠮ ᠃ ᠶᠠᠭ ᠡᠢ᠌ᠮᠦᠷᠭᠦᠤ ᠭᠦᠳᠡᠯᠭᠡᠭ᠍ᠴᠢ ᠭᠦᠴᠤᠨ ᠤ ᠳᠤᠤᠷ᠎ᠠ ᠪᠢᠴᠢᠬᠠᠨ ᠳᠠᠢ᠌ᠴᠢᠨ ᠨᠠᠩ ᠰᠢᠮᠳᠠᠨ ᠣᠷᠤᠯᠳᠤᠬᠤ ᠪᠣᠯᠪᠠ ᠃ ᠭᠡᠳᠤᠨ ᠵᠢᠯ ᠤᠨ ᠣᠷᠤᠯᠳᠤᠯᠭ᠎ᠠ ᠪᠠᠷ ᠪᠢᠴᠢᠬᠠᠨ ᠳᠠᠢ᠌ᠴᠢᠨ ᠤ ᠵᠢᠷᠤᠬᠤ ᠮᠡᠷᠭᠡᠵᠢᠯ ᠭᠡᠳᠥᠢᠪᠠᠷ ᠢᠯᠠᠤᠠᠳᠠ ᠳᠡᠭᠡᠭ᠍ᠰᠢᠯᠡᠭ᠍ᠰᠡᠨ ᠪᠣᠯᠪᠠᠴᠤ ᠮᠦᠨ ᠭᠦ ᠨᠢᠯᠬᠠᠰᠠᠭ ᠪᠦᠳᠦᠭᠦᠯᠢᠭ᠌ ᠪᠠᠢ᠌ᠯ᠎ᠠ ᠃ ᠭᠦᠤ ᠶᠢᠨ ᠭᠢᠨᠢ ᠵᠢᠷᠤᠭ ᠵᠢᠷᠤᠬᠤ ᠣᠷᠮ᠎ᠠ ᠪᠠᠬ᠎ᠠ ᠥᠴᠦᠭᠡᠨ ᠴᠤ ᠪᠠᠭᠤᠷᠠᠭ᠎ᠠ ᠦᠭᠡᠶ ᠳᠤ ᠠᠪᠣ ᠨᠢ ᠳᠡᠭᠦᠨ ᠤ ᠳᠦᠯᠦᠭᠡ ᠰᠠᠤᠠᠭᠢᠯ ᠪᠣᠯᠵᠤ ᠡᠭᠢᠯᠡᠪᠡ ᠃ ᠦᠨᠡᠨ ᠳᠡᠭᠡᠨ ᠠᠪᠣ ᠭᠦᠮᠤᠨ ᠭᠦᠤ ᠶᠢᠨ ᠶᠢᠡᠨ ᠡᠷᠳᠡᠮ ᠴᠢᠳᠠᠪᠣᠷᠢᠳᠠᠢ ᠪᠣᠯᠬᠤ ᠶᠢ ᠭᠡᠷᠭᠢᠨ ᠭᠦᠰᠡᠭᠦ ᠦᠭᠡᠶ ᠠᠵᠢ ᠂ ᠭᠡᠶ᠎ᠡ ᠭᠦᠤ ᠳ᠋ᠤᠨᠢ ᠵᠢᠷᠤᠭᠴᠢᠨ ᠪᠣᠯᠬᠤ ᠠᠪᠢᠶᠠᠰ ᠪᠢᠯᠢᠭ᠌ ᠪᠠᠢ᠌ᠬᠤ ᠦᠦ ᠦᠭᠡᠶ ᠦᠦ ︖ ᠳᠠᠷᠠ ᠦᠪᠠᠰᠤᠪᠠᠨ ᠦᠨᠡᠯᠠᠵᠤ ᠴᠢᠳᠠᠬᠤ ᠦᠭᠡᠶ ᠂ ᠭᠡᠶ᠎ᠡ ᠳᠡᠭᠦᠨ ᠢ ᠢᠩᠭᠢᠵᠤ ᠳᠤᠷ᠎ᠠ ᠪᠠᠷ ᠭᠦᠭ᠍ᠵᠢᠭᠦᠯᠦᠭᠡᠤᠨ ᠴᠤ ᠪᠣᠯᠬᠤ ᠶᠤᠮ ᠪᠢᠰᠢ ᠂ ᠡᠴᠦᠰ ᠲᠤ ᠳᠠᠷᠠ ᠭᠦᠤ ᠪᠠᠨ ᠬᠤᠰᠢᠭᠤᠨ ᠳᠡᠭᠡᠷ᠎ᠡ ᠳᠠᠭᠠᠭᠤᠯᠤᠨ ᠣᠴᠢᠵᠤ ᠬᠠᠮᠢᠶ᠎ᠠ ᠪᠦᠭᠦᠢ ᠭᠦᠮᠦᠰ ᠲᠡᠶ ᠠᠭᠤᠯᠵᠠᠨ ᠭᠦᠤ ᠶᠢᠨ ᠶᠢᠡᠨ ᠳᠠᠢ᠌ᠮᠤ ᠠᠪᠢᠶᠠᠰ ᠪᠢᠯᠢᠭ᠌ ᠪᠠᠢ᠌ᠬᠤ ᠡᠰᠡᠭᠦ ᠶᠢ ᠰᠢᠡᠵᠢᠭᠦᠯᠵᠤ ᠂ ᠡᠷᠡᠮᠡᠯᠵᠡᠯ ᠪᠠᠢ᠌ᠬᠤ ᠦᠭᠡᠶ ᠪᠣᠯ ᠡᠷᠳᠡᠭᠡᠨ ᠬᠤᠭᠤᠷ ᠤᠨ ᠥᠯᠢᠭᠡᠷ ᠭᠡᠯᠡᠭᠦᠯᠵᠤ ᠰᠤᠷᠭᠠᠨ ᠂ ᠡᠷᠡᠮᠡᠯᠵᠡᠯ ᠲᠡᠶ ᠪᠣᠯ ᠡᠨᠡ ᠳᠠᠯ᠎ᠠ ᠪᠠᠷ ᠭᠦᠴᠤᠨ ᠮᠠᠳᠠᠨ ᠭᠦᠮᠦᠵᠢᠭᠦᠯᠭᠦ ᠪᠠᠷ ᠳᠤᠭᠳᠠᠪᠠ ᠃ ᠠᠪᠣ ᠶᠢᠨ ᠭᠢᠨ ᠡᠨᠡ ᠭᠦ ᠰᠢ᠌ᠤᠠᠪᠣᠷᠢ ᠨᠢ ᠳᠡᠭᠦᠨ ᠤ ᠨᠢᠭᠡ ᠨᠠᠰᠤᠨ ᠤ ᠠᠮᠢᠳᠤᠷᠠᠯ ᠳ᠋ᠤᠨᠢ ᠵᠠᠩᠭᠢᠯᠠᠭ᠎ᠠ ᠶᠢᠨ ᠣᠢ᠌ᠯᠠᠳᠤᠯ ᠥᠵᠡᠭᠦᠯᠵᠤ ᠂ ᠮᠦᠨ ᠭᠦ ᠡᠨᠡ ᠣᠳᠠᠭᠠᠨ ᠤ ᠠᠭᠤᠯᠵᠠᠯᠳᠠ ᠳᠤ ᠳᠠᠷᠠ ᠦᠪᠡᠷ ᠳᠤᠨᠢ ᠡᠷᠳᠡᠮ ᠤᠨ ᠵᠢᠯᠤᠭᠤ ᠠᠤᠠᠬᠤᠭᠤᠯᠤᠭᠰᠠᠨ ᠠᠴᠢᠳᠤ ᠪᠠᠭᠰᠢ ᠲᠡᠶ ᠪᠠᠨ ᠳᠠᠨᠢᠯᠴᠠᠵᠠᠢ ᠃

ᠬᠠᠨ ᠳᠠᠢ᠌ᠴᠢᠨ ᠢ ᠣᠷᠠᠯᠢᠭ ᠤᠨ ᠵᠠᠮ ᠳᠤ ᠭᠦᠳᠦᠯᠦᠭ᠍ᠰᠡᠨ ᠠᠩᠬᠠᠨ ᠤ ᠪᠠᠭᠰᠢ ᠨᠢ ᠳᠠᠷᠤᠢ ᠳᠤᠬᠠᠢ ᠶᠢᠨ ᠦᠶ᠎ᠡ ᠳᠤ ᠬᠤᠰᠢᠭᠤᠨ ᠤ ᠰᠤᠶᠤᠯ ᠤᠨ ᠣᠷᠳᠤᠨ ᠳᠤ ᠣᠷᠠᠨ ᠵᠢᠷᠤᠭᠴᠢᠨ ᠤ ᠠᠵᠢᠯ ᠲᠡᠶ ᠪᠠᠢ᠌ᠭᠰᠠᠨ ᠠᠪᠣ ᠶᠢᠨ ᠭᠢᠨᠢ ᠰᠠᠢ᠌ᠨ ᠨᠠᠢ᠌ᠵᠢ ᠵᠠᠩ ᠬᠤᠸᠠᠢ ᠴᠢᠩ ᠪᠣᠯᠤᠨ᠎ᠠ ᠃ ᠳᠠᠷᠠ ᠳᠠᠢ᠌ᠴᠢᠨ ᠤ ᠨᠢᠯᠬᠠᠰᠠᠭ ᠪᠦᠳᠦᠭᠦᠯᠢᠭ᠌ ᠪᠦᠳᠦᠭᠡᠯ ᠡᠴᠡ ᠣᠷᠠᠯᠢᠭ ᠤᠨ ᠠᠪᠢᠶᠠᠰ ᠪᠢᠯᠢᠭ᠌ ᠢ ᠨᠢ ᠣᠯᠵᠤ ᠬᠠᠷᠠᠨ ᠳᠡᠭᠦᠨ ᠳᠤ ᠨᠤᠳᠠᠯᠠᠯᠳᠠ ᠵᠤᠷᠢᠭᠵᠢᠭᠤᠯᠤᠯ ᠣᠯᠭᠤᠬᠤ ᠶᠢᠨ ᠬᠠᠮᠳᠤ ᠳᠤᠳᠠᠭᠳᠠᠯ ᠲᠡᠶ ᠳᠠᠯ᠎ᠠ ᠶᠢ ᠨᠢ ᠭᠦᠯᠢᠴᠡᠩᠭᠦᠢ ᠪᠠᠷ ᠵᠢᠭᠠᠵᠤ ᠰᠤᠷᠭᠠᠭᠰᠠᠨ ᠪᠠᠢ᠌ᠨ᠎ᠠ ᠃ ᠡᠨᠡ ᠭᠦ ᠣᠳᠠᠭᠠᠨ ᠤ ᠠᠭᠤᠯᠵᠠᠯᠳᠠ ᠪᠠᠷ ᠳᠠᠮᠵᠢᠨ ᠠᠪᠣ ᠨᠢ ᠠᠰᠳᠠᠭᠠᠨ ᠪᠣᠳᠤᠯ ᠶᠢᠡᠨ ᠳᠠᠪᠴᠢᠵᠤ ᠨᠢᠭᠡ ᠯᠠ ᠰᠠᠤᠠᠭᠢᠯ ᠶᠢᠡᠷ ᠭᠦᠤ ᠪᠠᠨ ᠳᠡᠮᠵᠢᠭᠦ ᠪᠣᠯᠵᠠᠢ ᠂ ᠳᠠᠢ᠌ᠴᠢᠨ ᠤ ᠬᠠᠷᠠᠭ᠎ᠠ ᠴᠤ ᠳᠠᠯᠠᠵᠤ ᠵᠢᠷᠤᠭ ᠵᠢᠷᠤᠬᠤ ᠳᠤ ᠰᠢᠡᠵᠢᠯᠡᠭᠦ ᠣᠬᠠᠭᠠᠠᠴᠢ ᠠᠷᠭ᠎ᠠ ᠪᠠᠷ ᠰᠤᠷᠤᠯᠴᠠᠬᠤ ᠭᠡᠷᠡᠭ᠍ᠳᠡᠢ ᠭᠡᠳᠡᠭ᠌ ᠢ ᠣᠬᠠᠪᠠ ᠃ ᠳᠠᠷᠠ ᠵᠠᠩ ᠬᠤᠸᠠᠢ ᠴᠢᠩ ᠪᠠᠭᠰᠢ ᠶᠢᠨ ᠶᠢᠡᠨ ᠵᠢᠯᠤᠭᠤᠳᠤᠯᠭ᠎ᠠ ᠪᠠᠷ ᠵᠢᠷᠤᠭ ᠵᠢᠷᠤᠬᠤ ᠶᠢᠨ ᠦᠨᠳᠦᠰᠦᠨ ᠮᠡᠳᠡᠯᠭᠡ ᠨᠤᠭᠦᠳ ᠢ ᠠᠭᠢᠨ ᠰᠤᠷᠴᠤ ᠡᠭᠢᠯᠡᠪᠡ ᠃ ᠳᠠᠢ᠌ᠴᠢᠨ ᠤ ᠡᠵᠡᠮᠰᠢᠨ ᠳᠤᠭᠳᠠᠭᠠᠬᠤ ᠴᠢᠳᠠᠪᠣᠷᠢ ᠳᠣᠢ᠌ᠯ ᠤᠨ ᠰᠠᠢ᠌ᠨ ᠪᠦᠭᠡᠤᠨ ᠪᠠᠭᠰᠢ ᠡᠴᠡ ᠪᠠᠨ ᠳᠠᠰᠤᠷᠠᠯᠳᠠ ᠦᠭᠡᠶ ᠠᠰᠠᠭᠤᠨ ᠰᠤᠷᠠᠵᠤ ᠴᠢᠷᠮᠠᠢ᠌ᠨ ᠣᠷᠤᠯᠳᠤᠭᠰᠠᠨ ᠶᠢᠡᠷ ᠡᠯ᠎ᠡ ᠵᠣᠢ᠌ᠯ ᠤᠨ ᠵᠢᠷᠤᠬᠤ ᠠᠷᠭ᠎ᠠ ᠶᠢ ᠥᠤᠠᠳᠠᠷ ᠡᠵᠡᠮᠰᠢᠵᠤ ᠂ ᠵᠢᠷᠤᠭ ᠪᠦᠳᠦᠭᠡᠯ ᠤᠨ ᠭᠢᠨ ᠭᠢᠷᠢ ᠲᠦᠪᠰᠢᠨ ᠴᠤ ᠥᠤᠠᠳᠠᠷ ᠳᠡᠭᠡᠭ᠍ᠰᠢᠯᠡᠵᠡᠢ ᠃ ᠪᠠᠭᠰᠢ ᠪᠠᠷᠢᠭᠰᠠᠨ ᠤ ᠬᠤᠶᠠᠳᠤᠭᠠᠷ ᠵᠢᠯ ᠳᠠᠷᠤᠢ 1979 ᠣᠨ ᠳᠤ ᠂ ᠬᠠᠨ ᠳᠠᠢ᠌ᠴᠢᠨ ᠤ ᠰᠤᠷᠤᠯᠭ᠎ᠠ ᠶᠢᠨ ᠭᠢᠷᠢ ᠪᠦᠳᠦᠮᠵᠢ ᠶᠢ ᠰᠢᠯᠭᠠᠨ ᠪᠠᠢ᠌ᠴᠠᠭᠠᠬᠤ ᠵᠢᠷᠤᠭ ᠤᠨ ᠥᠵᠡᠭᠦᠯᠦᠯᠭᠡ ᠬᠤᠰᠢᠭᠤᠨ ᠤ ᠰᠤᠶᠤᠯ ᠤᠨ ᠭᠡᠷ ᠲᠤ ᠳᠡᠯᠭᠡᠭ᠍ᠳᠡᠪᠡ ᠃ ᠭᠡᠳᠥᠢᠪᠠᠷ ᠬᠤᠷᠢᠨ ᠭᠡᠳᠦᠭᠡᠨ ᠬᠤᠪᠢ ᠵᠢᠷᠤᠭ ᠲᠡᠶ ᠵᠢᠵᠢᠭ᠌ ᠭᠡᠯᠪᠠᠷᠢ ᠶᠢᠨ ᠵᠢᠷᠤᠭ ᠤᠨ ᠥᠵᠡᠭᠦᠯᠦᠯᠭᠡ ᠭᠡᠳᠡᠭ᠌ ᠪᠣᠯᠪᠠᠴᠤ ᠬᠤᠰᠢᠭᠤᠨ ᠤ ᠰᠤᠶᠤᠯ ᠣᠷᠠᠯᠢᠭ ᠤᠨ ᠡᠳᠡᠭᠡᠤᠨ ᠲᠤ ᠪᠠᠭ᠎ᠠ ᠪᠣᠰᠤ ᠳᠤᠰᠬᠠᠯ ᠭᠠᠷᠴᠤ ᠂ ᠭᠦᠮᠦᠰ ᠡᠨᠡ ᠭᠦ ᠭᠦᠳᠡᠭᠡ ᠡᠴᠡ ᠢᠷᠡᠭ᠍ᠰᠡᠨ ᠵᠠᠯᠠᠭᠤ ᠶᠢ ᠠᠩᠬᠠᠷᠤᠨ ᠡᠭᠢᠯᠡᠵᠡᠢ ᠃ ᠠᠵᠠ ᠲᠤᠬᠢᠶᠠᠯ ᠨᠢ ᠭᠡᠵᠢᠶᠡᠳᠡ ᠪᠠᠯᠡᠦᠡᠭᠡᠯ ᠲᠡᠶ ᠭᠦᠮᠤᠨ ᠳᠤ ᠲᠤᠬᠢᠶᠠᠯᠳᠤᠳᠠᠭ ᠬᠣᠢ᠌ᠨ᠎ᠠ 1980 ᠣᠨ ᠳᠤ ᠬᠠᠨ ᠳᠠᠢ᠌ᠴᠢᠨ ᠯᠦᠪᠸᠢ ᠨᠢᠭᠡᠳᠦᠭᠡᠷ ᠳᠤᠮᠳᠠᠳᠤ ᠰᠤᠷᠭᠠᠭᠤᠯᠢ ᠶᠢᠨ ᠣᠷᠠᠨ ᠵᠢᠷᠤᠭ ᠤᠨ ᠣᠠᠴᠠ ᠮᠡᠷᠭᠡᠵᠢᠯ ᠤᠨ ᠠᠩᠭᠢ ᠶᠢᠨ ᠰᠤᠷᠤᠭᠴᠢ ᠪᠠᠷ ᠡᠯᠰᠡᠭ᠍ᠳᠡᠵᠤ ᠂ ᠨᠠᠩ ᠰᠢᠰᠲ᠋ᠸᠮ ᠲᠡᠶ ᠣᠷᠠᠨ ᠵᠢᠷᠤᠭ ᠤᠨ ᠭᠦᠮᠦᠵᠢᠯ ᠭᠦᠷᠳᠡᠪᠡ ᠃ ᠣᠷᠠᠨ ᠵᠢᠷᠤᠭ ᠤᠨ ᠪᠠᠭᠰᠢ ᠂ ᠠᠬᠠᠮᠠᠤᠨ ᠣᠷᠠᠯᠢᠭᠴᠢᠨ ᠵᠤᠷᠢᠭᠳᠤ ᠳᠡᠭᠦᠨ ᠢ ᠨᠠᠷᠢᠨ ᠨᠢᠮᠪᠠᠢ ᠵᠢᠯᠤᠭᠤᠳᠤᠨ ᠭᠦᠮᠦᠵᠢᠭᠦᠯᠦᠭ᠍ᠰᠡᠨ ᠪᠦᠭᠡᠤᠨ ᠳᠡᠭᠦᠨ ᠤ ᠨᠢᠭᠡᠨ ᠪᠦᠳᠦᠭᠡᠯ ᠢ《ᠳᠤᠮᠳᠠᠳᠤ ᠰᠤᠷᠭᠠᠭᠤᠯᠢ ᠶᠢᠨ ᠰᠤᠷᠤᠭᠴᠢ》᠂ 《ᠦᠪᠣᠷ ᠮᠤᠩᠭ᠋ᠤᠯ ᠤᠨ ᠰᠤᠷᠭᠠᠨ ᠭᠦᠮᠦᠵᠢᠯ》᠂ 《ᠵᠢᠷᠢᠮ ᠤᠨ ᠰᠤᠨᠢᠨ》 ᠵᠡᠷᠭᠡ ᠰᠤᠨᠢᠨ ᠰᠡᠦᠡᠭᠦᠯ ᠳᠤ ᠳᠠᠨᠢᠯᠴᠠᠭᠤᠯᠤᠨ ᠨᠠᠢ᠌ᠳᠠᠯᠠᠵᠤ ᠥᠭ᠍ᠴᠡᠢ ᠃ ᠡᠨᠡ ᠨᠢ ᠳᠠᠢ᠌ᠴᠢᠨ ᠳᠤ ᠯᠤᠳᠤ ᠶᠡᠭᠡ ᠵᠤᠷᠢᠭᠵᠢᠭᠤᠯᠤᠯ ᠪᠣᠯᠤᠭᠰᠠᠨ ᠨᠢ ᠭᠠᠷᠴᠠᠭ᠎ᠠ ᠦᠭᠡᠶ ᠃ ᠶᠠᠭ ᠳᠡᠭᠦᠨ ᠢ ᠠᠯᠤᠰ ᠭᠡᠳᠤ ᠶᠢᠨ ᠠᠤᠭ᠎ᠠ ᠭᠦᠰᠡᠯ ᠡᠪᠦᠷᠯᠡᠨ ᠡᠳᠦᠷᠵᠢᠨ ᠰᠦᠨᠢᠵᠢᠨ ᠳᠠᠪᠳᠠᠨ ᠰᠤᠷᠤᠯᠴᠠᠵᠤ ᠣᠷᠠᠨ ᠵᠢᠷᠤᠭ ᠤᠨ ᠳᠡᠭᠡᠳᠤ ᠰᠤᠷᠭᠠᠭᠤᠯᠢ ᠳᠤ ᠰᠢᠯᠭᠠᠭᠤᠯᠬᠤ ᠪᠠᠷ ᠪᠠᠯᠡᠦᠡᠭᠡᠵᠤ ᠪᠠᠢ᠌ᠭ᠎ᠠ ᠦᠶᠡᠰ ᠂ ᠠᠪᠣ ᠨᠢ ᠠᠵᠢᠯ ᠡᠴᠡ ᠪᠠᠨ ᠠᠮᠠᠷᠠᠬᠤ ᠴᠠᠭ ᠪᠣᠯᠤᠭᠰᠠᠨ ᠪᠦᠭᠡᠤᠨ ᠨᠢᠭᠡᠴᠡ ᠡᠴᠡ ᠨᠢ ᠠᠵᠢᠯ ᠢ ᠨᠢ ᠵᠠᠯᠭᠠᠮᠵᠢᠯᠠᠬᠤ ᠨᠢᠭᠡᠨ ᠣᠷᠤᠨ ᠳᠤᠭ᠎ᠠ ᠣᠯᠭᠤᠪᠠ ᠃ ᠳᠠᠳᠠᠨᠠᠢ᠌ᠭᠢᠨ ᠳᠤ ᠳᠠᠷᠠ ᠯᠠ ᠡᠨᠡ ᠭᠦ ᠰᠢᠯᠭᠠᠨ ᠡᠯᠰᠡᠭᠦ ᠨᠥᠭᠦᠴᠡᠯ ᠳᠤ ᠳᠤᠭᠢᠷᠠᠯᠴᠠᠵᠤ ᠪᠠᠢ᠌ᠯ᠎ᠠ ᠃ ᠭᠡᠷ ᠤᠨ ᠠᠵᠤ ᠠᠬᠤᠢ ᠶᠢᠨ ᠨᠥᠭᠦᠴᠡᠯ ᠵᠡᠷᠭᠡ ᠣᠯᠠᠨ ᠳᠠᠯ᠎ᠠ ᠶᠢ ᠪᠣᠳᠤᠯᠭᠢᠯᠠᠭᠰᠠᠨ ᠤ ᠰᠠᠭᠤᠷᠢᠨ ᠳᠡᠭᠡᠷ᠎ᠡ ᠳᠠᠷᠠ ᠬᠠᠷᠢᠵᠤ ᠠᠪᠣ ᠶᠢᠨ ᠶᠢᠡᠨ ᠠᠵᠢᠯ ᠢ ᠵᠠᠯᠭᠠᠮᠵᠢᠯᠠᠨ ᠠᠯᠪᠠᠯᠠᠬᠤ ᠠᠷᠭ᠎ᠠ ᠪᠣᠰᠤ ᠶᠢᠨ ᠰᠤᠩᠭ᠋ᠤᠯᠳᠠ ᠠᠪᠴᠠᠢ ᠃ ᠳᠠᠷᠠ ᠠᠵᠢᠯᠯᠠᠬᠤ ᠶᠢᠨ ᠳᠠᠭᠠᠤ ᠵᠢᠷᠤᠭ ᠶᠢᠡᠨ ᠥᠷᠭᠦᠯᠵᠢᠯᠡᠨ ᠪᠣᠯᠪᠠᠰᠤᠷᠠᠬᠤ ᠪᠠᠷ ᠪᠣᠳᠤᠵᠤ ᠪᠠᠢ᠌ᠯ᠎ᠠ ᠂ ᠭᠡᠶ᠎ᠡ ᠭᠦᠳᠡᠭᠡ ᠶᠢᠨ ᠬᠠᠩᠭ᠋ᠠᠨ ᠪᠣᠷᠤᠯᠠᠭᠤᠯᠬᠤ ᠬᠤᠷᠰᠢᠶ᠎ᠠ ᠶᠢᠨ ᠠᠵᠢᠯ ᠨᠢ ᠳᠡᠭᠦᠨ ᠤ ᠳᠦᠰᠤᠪᠯᠠᠨ ᠪᠣᠳᠤᠭᠰᠠᠨ ᠡᠴᠡ ᠬᠤᠯᠠ ᠵᠦᠷᠢᠶᠠᠨ ᠲᠡᠶ ᠪᠠᠢ᠌ᠵᠤ ᠂ ᠡᠳᠦᠷᠵᠢᠨ ᠢᠭᠢᠷ ᠰᠢᠭᠢᠷ ᠶᠠᠪᠣᠳᠠᠯ ᠳᠤ ᠣᠷᠢᠶᠠᠭᠳᠠᠨ ᠰᠠᠤᠠᠭᠢᠯ ᠳᠦᠪᠯᠡᠷᠡᠭᠦᠯᠤᠨ ᠵᠢᠷᠤᠭ ᠵᠢᠷᠤᠵᠤ ᠳᠡᠢ᠌ᠯᠭᠦ ᠶᠤᠮ ᠪᠢᠰᠢ ᠃ ᠡᠨᠡ ᠮᠠᠳᠤ ᠪᠠᠷ ᠳᠠᠷᠠ ᠠᠷᠠᠢ ᠨᠢᠭᠡ ᠵᠢᠯ ᠪᠣᠯᠤᠭ᠎ᠠ ᠦᠭᠡᠶ ᠠᠵᠢᠯᠯᠠᠵᠤ ᠵᠢᠷᠤᠬᠤ ᠬᠤᠶᠠᠷ ᠳᠠᠯ᠎ᠠ ᠳᠤ ᠴᠦᠮ ᠠᠰᠢᠭᠳᠠᠢ ᠨᠢᠭᠡᠨ ᠳᠦᠯᠦᠪᠯᠡᠭᠡ ᠶᠢ ᠪᠣᠳᠤᠵᠤ ᠣᠯᠪᠠ ᠂ ᠳᠠᠷᠤᠢ ᠣᠷᠠᠨ ᠵᠢᠷᠤᠭ ᠤᠨ ᠪᠠᠭᠰᠢ ᠪᠣᠯᠬᠤ ᠶᠠᠪᠣᠳᠠᠯ ᠪᠣᠯᠤᠨ᠎ᠠ ᠃ ᠳᠡᠭᠡᠭᠡᠤᠨ ᠳᠠᠷᠠ ᠵᠤᠷᠢᠭ ᠶᠢᠡᠨ ᠭᠦᠪᠴᠢᠯᠡᠵᠤ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢ ᠡᠷᠢᠵᠤ ᠂ ᠦᠪᠡᠷ ᠢ ᠪᠠᠨ ᠥᠪᠠᠷᠳᠡᠭᠡᠨ ᠳᠠᠨᠢᠯᠴᠠᠭᠤᠯᠵᠤ ᠭᠠᠷᠴᠠᠢ ᠂ ᠳᠤᠬᠠᠢ ᠶᠢᠨ ᠦᠶᠡᠰ ᠲᠤ ᠠᠪᠴᠤ ᠭᠡᠯᠡᠪᠠᠯ ᠪᠣᠰᠤᠳ ᠭᠦᠮᠤᠨ ᠤ ᠪᠣᠳᠤᠯᠭᠠᠨ ᠳᠤ ᠴᠤ ᠣᠷᠤᠮ᠎ᠠ ᠦᠭᠡᠶ ᠡᠨᠡ ᠶᠠᠪᠣᠳᠠᠯ ᠨᠢ ᠡᠴᠦᠰ ᠲᠡᠭᠡᠨ ᠦᠨᠡᠨ ᠭᠦ ᠪᠦᠳᠦᠴᠢᠭᠡᠵᠡᠢ ᠃ ᠨᠠᠷᠢᠨ ᠭᠢᠨᠠᠮᠠᠭᠠᠢ ᠭᠢᠨᠠᠨ ᠰᠤᠳᠤᠯᠤᠯᠳᠠ ᠪᠠᠷ ᠳᠠᠮᠵᠢᠨ ᠂ ᠬᠠᠨ ᠳᠠᠢ᠌ᠴᠢᠨ ᠢ ᠮᠤᠳᠤ ᠰᠤᠮᠤ ᠶᠢᠨ ᠭᠤᠤᠯ ᠪᠠᠭ᠎ᠠ ᠰᠤᠷᠭᠠᠭᠤᠢ ᠶᠢᠨ ᠣᠷᠠᠨ ᠵᠢᠷᠤᠭ ᠤᠨ ᠪᠠᠭᠰᠢ ᠪᠠᠷ ᠳᠦᠷᠢᠮ ᠡᠴᠡ ᠭᠠᠳᠠᠭᠤᠷ ᠳᠤᠮᠢᠯᠠᠪᠠ ᠃ ᠦᠪᠡᠷ ᠤᠨ ᠡᠷᠢᠯ ᠭᠦᠰᠡᠯ ᠨᠢ ᠪᠠᠶᠠᠯᠠᠯ ᠶᠢᠡᠨ ᠣᠯᠤᠭᠰᠠᠨ ᠳᠤ ᠬᠠᠨ ᠳᠠᠢ᠌ᠴᠢᠨ ᠳᠣᠢ᠌ᠯ ᠶᠢᠡᠷ ᠪᠠᠶᠠᠷᠯᠠᠵᠤ ᠪᠦᠭᠦ ᠰᠠᠤᠠᠭᠢᠯ ᠪᠦᠭᠦ ᠵᠤᠷᠢᠭ ᠶᠢᠡᠷ ᠠᠵᠢᠯᠯᠠᠵᠤ ᠰᠤᠷᠤᠯᠴᠠᠨ ᠂ ᠦᠪᠡᠷ ᠤᠨ ᠮᠡᠳᠡᠳᠡᠭ᠌ ᠴᠢᠳᠠᠳᠠᠭ ᠶᠢᠡᠨ ᠰᠤᠷᠤᠭᠴᠢᠤᠨ ᠲᠠᠭᠠᠨ ᠬᠠᠷᠠᠮ ᠦᠭᠡᠶ ᠶᠡᠭᠦᠯᠡᠵᠤ ᠪᠠᠢ᠌ᠯ᠎ᠠ ᠁ ᠭᠡᠶ᠎ᠡ ᠠᠵᠠ ᠲᠤᠬᠢᠶᠠᠯ ᠳᠠᠭᠢᠠᠳᠠ ᠳᠡᠭᠦᠨ ᠳᠤ ᠬᠠᠯᠠᠭᠤᠨ ᠭᠠᠷ ᠰᠤᠩᠭ᠋ᠠᠪᠠ ᠃ 1984ᠣᠨ ᠳᠤ ᠂ ᠬᠤᠰᠢᠭᠤᠨ ᠤ ᠰᠤᠶᠤᠯ ᠣᠷᠠᠯᠢᠭ ᠤᠨ ᠭᠡᠷ ᠨᠢ ᠠᠵᠢᠯ ᠤᠨ ᠭᠦᠴᠦᠯᠡᠴᠡ ᠪᠠᠨ ᠶᠡᠭᠡᠰᠭᠡᠭᠦ ᠶᠢᠨ ᠳᠦᠯᠦᠭᠡ ᠨᠠᠷ᠎ᠠ ᠳᠤᠷᠠᠳᠤᠨ ᠭᠦᠮᠤᠨ ᠠᠪᠣᠭᠰᠠᠨ ᠳᠤ ᠨᠢᠭᠡᠨ ᠬᠠᠭᠤᠳᠠᠰᠤ ᠠᠵᠢᠯ ᠰᠢᠯᠵᠢᠭᠦᠯᠭᠦ ᠵᠠᠭᠢᠳᠠᠯ ᠬᠠᠨ ᠳᠠᠢ᠌ᠴᠢᠨ ᠤ ᠡᠮᠦᠨ᠎ᠡ ᠳᠠᠯᠪᠢᠭᠳᠠᠵᠠᠢ ᠃ ᠢᠩᠭᠢᠵᠤ ᠳᠠᠷᠠ ᠰᠤᠶᠤᠯ ᠤᠨ ᠣᠷᠳᠤᠨ ᠤ ᠳᠤᠰᠬᠠᠢ ᠣᠷᠠᠨ ᠵᠢᠷᠤᠭᠴᠢᠨ ᠪᠣᠯᠤᠭᠰᠠᠨ ᠪᠠᠢ᠌ᠨ᠎ᠠ ᠃ ᠰᠢᠠᠳᠠᠷᠠᠰᠢ ᠦᠭᠡᠶ ᠰᠤᠷᠤᠯᠴᠠᠯᠠᠭ᠎ᠠ ᠣᠷᠤᠯᠳᠤᠯᠭ᠎ᠠ ᠪᠠᠷ ᠳᠠᠮᠵᠢᠨ ᠳᠡᠭᠦᠨ ᠤ ᠭᠠᠷ ᠡᠴᠡ ᠠᠯᠢ ᠣᠯᠠᠨ ᠣᠭᠢ ᠪᠦᠳᠦᠭᠡᠯ ᠰᠤᠪᠣᠷᠠᠵᠤ ᠭᠠᠷᠤᠯ᠎ᠠ ᠁

ᠳᠤᠰᠬᠠᠢ ᠠᠵᠢᠯ ᠤᠨ ᠵᠤᠬᠢᠶᠠᠨ ᠪᠦᠳᠦᠭᠡᠯᠳᠡ ᠶᠢᠨ ᠣᠷᠴᠢᠨ ᠳᠤᠭᠤᠷᠢᠨ ᠨᠢ ᠬᠠᠨ ᠳᠠᠢ᠌ᠴᠢᠨ ᠤ ᠣᠷᠮ᠎ᠠ ᠵᠤᠷᠢᠭ ᠂ ᠠᠪᠢᠶᠠᠰ ᠪᠢᠯᠢᠭ᠌ ᠢ ᠣᠷᠢᠤᠨ ᠭᠠᠷᠤᠭ᠎ᠠ ᠦᠭᠡᠶ ᠭᠦᠭ᠍ᠵᠢᠭᠡᠵᠤ ᠂ ᠣᠳᠠᠯ ᠦᠭᠡᠶ ᠨᠢᠭᠡ ᠪᠦᠯᠦᠭ᠌ ᠦᠨᠳᠦᠷ ᠲᠦᠪᠰᠢᠨ ᠲᠡᠶ ᠣᠷᠠᠯᠢᠭ ᠤᠨ ᠪᠦᠳᠦᠭᠡᠯ ᠢ ᠵᠤᠬᠢᠶᠠᠨ ᠪᠦᠳᠦᠭᠡᠵᠡᠢ ᠃ ᠨᠢᠭᠡ ᠭᠡᠯᠭᠢᠶ᠎ᠡ ᠪᠦᠳᠦᠭᠡᠯ ᠨᠢ 《ᠠᠷᠠᠤᠨ ᠤᠨ ᠡᠳᠦᠷ ᠤᠨ ᠰᠤᠨᠢᠨ 》 ᠂ 《ᠳᠤᠮᠳᠠᠳᠤ ᠣᠯᠤᠰ ᠤᠨ ᠰᠤᠶᠤᠯ ᠤᠨ ᠰᠤᠨᠢᠨ》 ᠂ 《ᠪᠠᠭᠡᠵᠢᠩ ᠤᠨ ᠭᠠᠷᠠᠭ ᠤᠨ ᠰᠤᠨᠢᠨ》 (ᠳᠡᠯᠡᠭᠡᠢ ᠶᠢᠨ ᠭᠡᠪᠯᠡᠯ) ᠂ 《ᠣᠷᠠᠨ ᠵᠢᠷᠤᠭ ᠤᠨ ᠰᠤᠷᠭᠠᠨ ᠭᠦᠮᠦᠵᠢᠯ》 ᠂ 《ᠵᠤᠭᠤᠭ》 ᠵᠡᠷᠭᠡ ᠰᠤᠨᠢᠨ ᠰᠡᠦᠡᠭᠦᠯ ᠳᠤ ᠨᠡᠢ᠌ᠳᠡᠯᠡᠭ᠍ᠳᠡᠵᠤ ᠂ 《ᠳᠠᠯ᠎ᠠ ᠨᠤᠳᠤᠭ ᠤᠨ ᠬᠤᠷᠢᠮ》 ᠭᠡᠭᠦ ᠪᠦᠳᠦᠭᠡᠯ ᠨᠢ ᠶᠠᠫᠣᠨ ᠳᠤ ᠳᠡᠯᠭᠡᠨ ᠥᠵᠡᠭᠦᠯᠦᠭ᠍ᠳᠡᠭ᠍ᠰᠡᠨ ᠤ ᠬᠣᠢ᠌ᠨ᠎ᠠ ᠦᠨᠳᠦᠰᠦᠳᠠᠨ ᠤ ᠰᠤᠶᠤᠯ ᠤᠨ ᠣᠷᠳᠤᠨ ᠳᠤ ᠬᠠᠳᠠᠭᠠᠯᠠᠭᠳᠠᠵᠠᠢ ᠃ ᠪᠣᠰᠤᠳ ᠭᠤᠷᠪᠠᠨ ᠪᠦᠳᠦᠭᠡᠯ ᠨᠢ ᠣᠤᠯ ᠤᠨ ᠵᠦᠪᠯᠠᠯᠳᠤ ᠳᠤ ᠳᠡᠯᠭᠡᠨ ᠥᠵᠡᠭᠦᠯᠦᠭ᠍ᠳᠡᠭ᠍ᠰᠡᠨ ᠪᠠᠢ᠌ᠨ᠎ᠠ ᠃ 1987 ᠣᠨ ᠳᠤ 《ᠵᠠᠷᠤᠳ ᠤᠨ ᠪᠠᠷ ᠵᠢᠷᠤᠭ》 ᠬᠤᠶᠠᠳᠠᠭᠢ ᠣᠳᠠᠭ᠎ᠠ ᠨᠠᠢ᠌ᠰᠯᠠᠯ ᠬᠤᠳᠠ ᠶᠢᠨ ᠦᠨᠳᠦᠰᠦᠳᠠᠨ ᠤ ᠰᠤᠶᠤᠯ ᠤᠨ ᠣᠷᠳᠤᠨ ᠳᠤ ᠥᠵᠡᠭᠦᠯᠦᠯᠭᠡ ᠭᠢᠵᠠᠢ ᠃ ᠥᠵᠡᠭᠦᠯᠦᠯᠭᠡ ᠶᠢᠨ ᠬᠤᠭᠤᠴᠠᠭᠠᠨ ᠳᠤ ᠂ ᠣᠯᠤᠰ ᠤᠨ ᠳᠤᠳᠤᠭᠠᠳᠤ ᠶᠢᠨ ᠣᠷᠠᠨ ᠵᠢᠷᠤᠭ ᠤᠨ ᠨᠠᠷᠠᠳᠤ ᠰᠡᠦᠡᠭᠦᠯ 《ᠣᠷᠠᠨ ᠵᠢᠷᠤᠭ》 ᠳᠤᠰ ᠥᠵᠡᠭᠦᠯᠦᠯᠭᠡ ᠶᠢᠨ ᠳᠤᠬᠠᠢ ᠮᠡᠳᠡᠭᠡᠯᠡᠭᠦ ᠳᠡᠭᠡᠨ ᠨᠠᠷᠠᠳᠤ ᠪᠠᠷ ᠵᠢᠷᠤᠭᠴᠢᠨ ᠯᠢ ᠬᠤᠧᠨ ᠂ ᠸᠠᠩ ᠴᠢ ᠬᠤᠶᠠᠷ ᠠᠪᠣᠭᠠᠢ ᠶᠢᠨ ᠥᠵᠡᠭᠦᠯᠦᠯᠭᠡ ᠶᠢ ᠰᠤᠨᠢᠷᠬᠠᠭᠰᠠᠨ ᠦᠵᠡᠯᠳᠠ ᠶᠢ ᠨᠢ ᠳᠤᠷᠠᠳᠤᠭᠰᠠᠨ ᠪᠠᠢ᠌ᠨ᠎ᠠ ᠂ ᠡᠭᠦᠨ ᠳᠤ ᠬᠠᠨ ᠳᠠᠢ᠌ᠴᠢᠨ ᠤ ᠪᠦᠳᠦᠭᠡᠯ ᠢ ᠰᠢᠨ᠎ᠠ ᠡᠭᠦᠳᠦᠯᠳᠡ ᠲᠡᠶ ᠭᠡᠵᠤ ᠣᠠᠴᠠᠭᠠᠢ᠌ᠯᠠᠨ ᠥᠨᠡᠯᠡᠭ᠍ᠰᠡᠨ ᠪᠠᠢ᠌ᠯ᠎ᠠ ᠃ ᠳᠤᠮᠳᠠᠳᠤ ᠣᠯᠤᠰ ᠤᠨ ᠭᠠᠳᠠᠭᠠᠳᠤ ᠳᠤ ᠥᠵᠡᠭᠦᠯᠦᠯᠭᠡ ᠭᠠᠷᠭᠠᠬᠤ ᠭᠦᠩᠰᠧ ᠶᠢᠨ ᠭᠢᠨ ᠳᠤᠰ ᠣᠳᠠᠭ᠎ᠠ ᠶᠢᠨ ᠥᠵᠡᠭᠦᠯᠦᠯᠭᠡ ᠳᠡᠭᠡᠷ᠎ᠡ ᠳᠠᠢ᠌ᠴᠢᠨ ᠤ ᠭᠤᠷᠪᠠᠨ ᠪᠦᠳᠦᠭᠡᠯ ᠢ ᠡᠷᠡᠭᠡᠯᠵᠡᠯ ᠦᠭᠡᠶ ᠰᠤᠩᠭ᠋ᠤᠨ ᠬᠤᠳᠠᠯᠳᠤᠨ ᠠᠪᠴᠠᠢ ᠃ 1990 ᠣᠨ ᠳᠤ ᠂ 《ᠵᠢᠷᠢᠮ ᠤᠨ ᠪᠠᠷ ᠵᠢᠷᠤᠭ》 ᠳᠠᠭᠢᠠᠳᠠ ᠪᠠᠭᠡᠵᠢᠩ ᠳᠤ ᠳᠡᠯᠭᠡᠭ᠍ᠳᠡᠭ᠍ᠰᠡᠨ ᠳᠤ ᠂ 《ᠠᠷᠠᠤᠨ ᠤᠨ ᠣᠷᠠᠨ ᠵᠢᠷᠤᠭ ᠤᠨ ᠰᠤᠨᠢᠨ》 ᠮᠡᠳᠡᠭᠡᠯᠡᠭᠦ ᠳᠡᠭᠡᠨ ᠳᠤᠰ ᠥᠵᠡᠭᠦᠯᠦᠯᠭᠡ ᠶᠢᠨ ᠳᠦᠷᠪᠡᠨ ᠪᠦᠳᠦᠭᠡᠯ ᠢ ᠨᠡᠢ᠌ᠳᠡᠯᠡᠭ᠍ᠰᠡᠨ ᠤ ᠳᠤᠳᠤᠷ᠎ᠠ ᠬᠠᠨ ᠳᠠᠢ᠌ᠴᠢᠨ ᠤ ᠪᠦᠳᠦᠭᠡᠯ ᠰᠤᠩᠭ᠋ᠤᠭᠳᠠᠭᠰᠠᠨ ᠪᠠᠢ᠌ᠨ᠎ᠠ ᠃ 1997 ᠣᠨ ᠳᠤ ᠂ ᠳᠤᠰᠬᠠᠢ ᠮᠡᠷᠭᠡᠵᠢᠯ ᠤᠨ ᠰᠤᠷᠭᠠᠭᠤᠯᠢ ᠭᠡᠵᠤ ᠳᠡᠭᠦᠰᠦᠭ᠍ᠰᠡᠨ ᠦᠭᠡᠶ ᠂ ᠵᠥᠪᠭᠡᠨ ᠦᠨᠳᠦᠷ ᠳᠤᠮᠳᠠᠳᠤ ᠶᠢᠨ ᠰᠤᠷᠤᠯᠭ᠎ᠠ ᠶᠢᠨ ᠨᠠᠮᠳᠠᠷ ᠲᠡᠶ ᠬᠠᠨ ᠳᠠᠢ᠌ᠴᠢᠨ 60 ᠬᠤᠪᠢ ᠶᠢᠨ ᠪᠦᠳᠦᠭᠡᠯ ᠶᠢᠡᠨ ᠠᠪᠴᠤ ᠂ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠣᠷᠠᠯᠢᠭ ᠤᠨ ᠰᠠᠯᠪᠣᠷᠢ ᠳᠤ ᠬᠤᠪᠢ ᠭᠦᠮᠤᠨ ᠤ ᠵᠢᠷᠤᠭ ᠤᠨ ᠥᠵᠡᠭᠦᠯᠦᠯᠭᠡ ᠡᠷᠭᠢᠯᠡᠵᠤ ᠪᠠᠭ᠎ᠠ ᠪᠣᠰᠤ ᠳᠤᠩᠰᠤᠯᠤᠯᠳᠠ ᠭᠠᠷᠭᠠᠵᠠᠢ ᠃ ᠡᠩ ᠤᠨ ᠦᠶᠡᠰ ᠳᠡᠭᠦᠨ ᠤ ᠳᠣᠢ᠌ᠯ ᠶᠢᠡᠷ ᠠᠳᠠᠭᠠᠷᠬᠠᠨ ᠪᠠᠬᠠᠷᠬᠠᠳᠠᠭ ᠣᠷᠠᠨ ᠵᠢᠷᠤᠭ ᠤᠨ ᠳᠤᠰᠬᠠᠢ ᠮᠡᠷᠭᠡᠵᠢᠯ ᠰᠤᠷᠴᠤ ᠪᠠᠢ᠌ᠭ᠎ᠠ ᠣᠶᠤᠳᠠᠤᠨ ᠦᠨᠦᠳᠤᠷ ᠬᠠᠨ ᠳᠠᠢ᠌ᠴᠢᠨ ᠤ ᠵᠢᠷᠤᠭ ᠢ ᠰᠤᠨᠢᠷᠬᠠᠭᠠᠤᠨ ᠂ ᠵᠠᠷᠢᠮ ᠨᠢ ᠬᠠᠭᠤᠯᠤᠨ ᠠᠪᠴᠤ ᠂ ᠵᠠᠷᠢᠮ ᠨᠢ ᠰᠡᠭᠦᠳᠡᠷᠯᠡᠨ ᠠᠪᠴᠤ ᠶᠠᠭᠠᠷᠠᠯᠳᠤᠨ᠎ᠠ ᠃ ᠡᠨᠡ ᠨᠢ ᠭᠡᠳᠥᠢᠪᠠᠷ ᠬᠤᠪᠢ ᠭᠦᠮᠤᠨ ᠤ ᠵᠢᠷᠤᠭ ᠤᠨ ᠥᠵᠡᠭᠦᠯᠦᠯᠭᠡ ᠪᠣᠯᠪᠠᠴᠤ 《ᠵᠢᠷᠢᠮ ᠤᠨ ᠪᠠᠷ ᠵᠢᠷᠤᠭ》 ᠤᠨ ᠨᠠᠷ᠎ᠠ ᠠᠯᠳᠠᠷ ᠢ ᠮᠦᠨ ᠭᠦ ᠨᠢᠭᠡ ᠶᠤᠰᠤ ᠪᠠᠷ ᠳᠠᠭᠤᠷᠢᠰᠤᠭᠤᠯᠵᠤ ᠴᠢᠳᠠᠵᠠᠢ ᠃

ᠬᠠᠨ ᠳᠠᠢ᠌ᠴᠢᠨ ᠤ ᠪᠦᠳᠦᠭᠡᠯ ᠪᠦᠭᠦ ᠣᠯᠤᠰ ᠤᠨ 《ᠦᠨᠳᠦᠰᠦᠳᠠᠨ ᠤ ᠦᠨᠢᠷ ᠴᠡᠴᠡᠭ᠌》 ᠣᠷᠠᠨ ᠵᠢᠷᠤᠭ ᠤᠨ ᠥᠵᠡᠭᠦᠯᠦᠯᠭᠡ ᠳᠤ ᠬᠤᠶᠠᠷ ᠣᠳᠠᠭ᠎ᠠ ᠮᠥᠩᠭᠦᠨ ᠮᠸᠲ᠋ᠠᠯ ᠭᠠᠷᠳᠠᠪᠠ ︔ ᠬᠤᠶᠠᠷ ᠣᠳᠠᠭ᠎ᠠ ᠪᠦᠭᠦ ᠣᠯᠤᠰ ᠤᠨ ᠵᠢᠷᠤᠭ ᠤᠨ ᠥᠵᠡᠭᠦᠯᠦᠯᠭᠡ ᠳᠤ ᠰᠤᠩᠭ᠋ᠤᠭᠳᠠᠪᠠ ︔ 2000 ᠣᠨ ᠳᠤ ᠳᠡᠭᠦᠨ ᠤ ᠪᠦᠳᠦᠭᠡᠯ ᠨᠢ ᠮᠠᠤ ᠽᠧ ᠳ᠋ᠦᠩ ᠤᠨ 《ᠶᠠᠨ ᠠᠨ ᠳᠤ ᠬᠤᠷᠠᠯᠳᠤᠭᠤᠯᠤᠭᠰᠠᠨ ᠣᠤᠠᠬ᠎ᠠ ᠣᠷᠠᠯᠢᠭ ᠤᠨ ᠳᠤᠬᠠᠢ ᠶᠠᠷᠢᠯᠴᠠᠬᠤ ᠬᠤᠷᠠᠯ ᠳᠡᠭᠡᠷᠡᠭᠢ ᠶᠠᠷᠢᠶ᠎ᠠ》 ᠨᠡᠢ᠌ᠳᠡᠯᠡᠭ᠍ᠳᠡᠭ᠍ᠰᠡᠨ 60 ᠵᠢᠯ ᠤᠨ ᠣᠢ ᠶᠢ ᠳᠤᠷᠠᠰᠬᠠᠬᠤ ᠪᠦᠭᠦ ᠣᠯᠤᠰ ᠤᠨ ᠳᠤᠮᠤ ᠭᠡᠯᠪᠠᠷᠢ ᠶᠢᠨ ᠣᠷᠠᠨ ᠵᠢᠷᠤᠭ ᠤᠨ ᠪᠦᠳᠦᠭᠡᠯ ᠤᠨ ᠥᠵᠡᠭᠦᠯᠦᠯᠭᠡ ᠳᠡᠭᠡᠷ᠎ᠡ ᠰᠤᠩᠭ᠋ᠤᠭᠳᠠᠭᠰᠠᠨ ᠪᠠᠢ᠌ᠨ᠎ᠠ ᠃ ᠬᠤᠷᠢ ᠭᠠᠷᠤᠢ ᠵᠢᠯ ᠤᠨ ᠳᠤᠷᠰᠢ ᠂ ᠳᠡᠭᠦᠨ ᠤ ᠡᠯ᠎ᠡ ᠰᠤᠨᠢᠨ ᠰᠡᠦᠡᠭᠦᠯ ᠳᠡᠭᠡᠷ᠎ᠡ ᠨᠡᠢ᠌ᠳᠡᠯᠡᠭ᠍ᠰᠡᠨ ᠣᠷᠠᠨ ᠵᠢᠷᠤᠭ ᠤᠨ ᠪᠦᠳᠦᠭᠡᠯ ᠨᠢ 1000 ᠬᠤᠪᠢ ( ᠣᠳᠠᠭ᠎ᠠ ) ᠳᠤ ᠣᠢ᠌ᠷᠠᠳᠤᠭᠰᠠᠨ ᠪᠠᠢ᠌ᠨ᠎ᠠ ᠃

ᠡᠳᠡᠭᠡᠷ ᠭᠦᠮᠦᠰ ᠢ ᠪᠢᠰᠢᠷᠡᠭᠦᠯᠦᠮ᠎ᠡ ᠠᠵᠢᠯ ᠤᠨ ᠪᠦᠳᠦᠮᠵᠢ ᠭᠠᠷᠭᠠᠭᠰᠠᠨ ᠨᠢ ᠭᠡᠨᠡᠦᠡᠳᠡ ᠶᠢᠨ ᠶᠠᠪᠣᠳᠠᠯ ᠣᠭᠳᠤ ᠪᠢᠰᠢ ᠃ ᠳᠡᠭᠡᠷ᠎ᠡ ᠳᠤᠷᠠᠳᠤᠭᠰᠠᠨ ᠣᠴᠢᠷ ᠰᠢᠯᠳᠠᠭᠠᠨ ᠡᠴᠡ ᠭᠠᠳᠠᠨ᠎ᠠ ᠪᠠᠰᠠ ᠳᠡᠭᠦᠨ ᠤ ᠣᠯᠠᠨ ᠵᠣᠢ᠌ᠯ ᠤᠨ ᠣᠷᠠᠯᠢᠭ ᠤᠨ ᠪᠣᠯᠪᠠᠰᠤᠷᠠᠯ ᠢ ᠭᠦᠡᠳᠦᠦᠡᠭᠡᠨ ᠥᠵᠡᠭ᠍ᠰᠡᠨ ᠲᠡᠶ ᠬᠤᠯᠪᠣᠭ᠎ᠠ ᠲᠡᠶ ᠃

ᠦᠨᠦᠳᠤᠷ ᠤᠨ ᠬᠠᠨ ᠳᠠᠢ᠌ᠴᠢᠨ ᠵᠥᠪᠭᠡᠨ ᠣᠷᠠᠨ ᠵᠢᠷᠤᠭᠴᠢᠨ ᠶᠢᠡᠷ ᠯᠠ ᠪᠠᠷᠠᠬᠤ ᠪᠢᠰᠢ ᠂ ᠪᠠᠰᠠ ᠳᠤᠮᠳᠠᠳᠤ ᠣᠯᠤᠰ ᠤᠨ ᠪᠠᠷ ᠵᠢᠷᠤᠭ ᠤᠨ ᠨᠡᠢ᠌ᠭᠡᠮᠯᠢᠭ᠌ ᠤᠨ ᠭᠡᠰᠢᠭᠦᠨ ᠂ ᠥᠪᠠᠷᠳᠡᠭᠡᠨ ᠵᠠᠰᠠᠬᠤ ᠣᠷᠤᠨ ᠤ ᠣᠷᠠᠨ ᠵᠢᠷᠤᠭ ᠤᠨ ᠨᠡᠢ᠌ᠭᠡᠮᠯᠢᠭ᠌ ᠤᠨ ᠭᠡᠰᠢᠭᠦᠨ ᠂ ᠵᠠᠷᠤᠳ ᠬᠤᠰᠢᠭᠤᠨ ᠤ ᠣᠷᠠᠨ ᠵᠢᠷᠤᠭᠴᠢᠤᠨ ᠤᠨ ᠨᠡᠢ᠌ᠭᠡᠮᠯᠢᠭ᠌ ᠤᠨ ᠳᠠᠳ᠋ ᠳᠡᠷᠢᠭᠦᠯᠡᠭ᠍ᠴᠢ ᠪᠦᠭᠡᠤᠨ ᠨᠠᠷᠢᠨ ᠪᠢᠴᠢᠭᠡᠴᠢ ᠶᠢᠨ ᠳᠠᠷᠤᠭ᠎ᠠ ᠵᠡᠷᠭᠡ ᠠᠵᠢᠯ ᠳᠤᠰᠢᠶᠠᠯ ᠢ ᠬᠠᠷᠢᠭᠤᠴᠠᠵᠤ ᠶᠠᠪᠣᠨ᠎ᠠ ᠂ ᠳᠠᠷᠠ ᠭᠡᠳᠥᠢᠪᠠᠷ ᠢᠳᠠᠷ ᠨᠠᠰᠤᠨ ᠳᠠᠭᠠᠨ ᠣᠷᠤᠵᠤ ᠂ ᠭᠠᠠᠵᠤᠭ᠎ᠠ ᠳᠦᠭᠦᠷᠡᠩ ᠠᠵᠢᠯ ᠤᠨ ᠪᠦᠳᠦᠭᠡᠯ ᠲᠡᠶ ᠭᠢᠯᠠᠷᠠᠭᠤᠯᠵᠤ ᠪᠠᠢ᠌ᠭ᠎ᠠ ᠪᠣᠯᠪᠠᠴᠤ ᠦᠪᠡᠷ ᠤᠨ ᠡᠭᠦᠷᠭᠡ ᠬᠠᠷᠢᠭᠤᠴᠠᠯᠭ᠎ᠠ ᠪᠠᠨ ᠪᠣᠳᠤᠬᠤ ᠪᠦᠷᠢ ᠣᠬᠠᠮᠰᠠᠷ ᠡᠴᠡ ᠪᠠᠨ ᠠᠯᠵᠠᠭᠤᠷᠠᠨ ᠵᠠᠯᠬᠠᠭᠤᠷᠠᠬᠤ ᠶᠢ ᠳᠠᠶᠠᠭᠳᠠᠵᠤ ᠂ ᠠᠬᠠᠮᠠᠤᠨ ᠨᠢᠭᠡ ᠦᠶ᠎ᠡ ᠶᠢᠨ ᠣᠷᠠᠯᠢᠭᠴᠢᠤᠨ ᠤᠨ ᠣᠯᠠ ᠮᠦᠷ ᠶᠢᠡᠷ ᠂ ᠰᠢᠨ᠎ᠠ ᠡᠭᠦᠳᠦᠯᠳᠡ ᠪᠦᠳᠦᠭᠡᠯᠳᠡ ᠲᠡᠶ ᠪᠠᠷ ᠰᠤᠯᠠᠷᠠᠰᠢ ᠦᠭᠡᠶ ᠴᠢᠷᠮᠠᠢ᠌ᠨ ᠵᠢᠦᠡᠭᠦᠨ᠎ᠡ ᠃

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃