ᠨᠠᠷᠠ

ᠨᠠᠷᠠ ᠤᠯᠠᠭᠠᠨᠬᠠᠳ᠋ᠠ ᠶᠢᠨ ᠪᠠᠭᠰᠢ ᠶᠢᠨ ᠳᠡᠭᠡᠳᠦ ᠰᠤᠷᠭᠠᠭᠤᠯᠢ ᠶᠢᠨ ᠤᠷᠠᠨ ᠵᠢᠷᠤᠭ ᠤᠨ ᠰᠠᠯᠪᠤᠷᠢ ᠡᠴᠡ ᠲᠡᠬᠦᠰᠴᠤ ᠂ ᠦᠨᠤ ᠲᠦ᠋ᠩᠯᠢ᠍ᠶᠤᠤ ᠬᠤᠳ᠋ᠠ ᠶᠢᠨ ᠮᠤᠩᠭ᠋ᠤᠯ ᠦᠨᠳ᠋ᠤᠰᠤᠳ᠋ᠡᠨ ᠤ ᠰᠤᠷᠭᠠᠭᠤᠯᠢ ᠶᠢᠨ ᠤᠷᠠᠨ ᠵᠢᠷᠤᠭ ᠤᠨ ᠪᠠᠭᠰᠢ ᠂ ᠰᠤᠷᠭᠠᠭᠤᠯᠢ ᠶᠢᠨ ᠤᠷᠠᠨ ᠵᠢᠷᠤᠭ ᠤᠨ ᠵᠢᠭᠠᠬᠤ ᠶᠢ ᠰᠤᠳ᠋ᠤᠯᠬᠤ ᠲᠤᠭᠤᠢ᠌ᠯᠠᠩ ᠤᠨ ᠲᠠᠷᠤᠭ᠎ᠠ ᠂ ᠰᠤᠷᠭᠠᠭᠤᠯᠢ ᠶᠢᠨ ᠪᠠᠭᠠᠴᠤᠤᠨ ᠤᠨ ᠬᠤᠰᠢ᠍ᠭᠤᠴᠢ ᠠᠩᠬᠢ ᠶᠢᠨ ᠶᠡᠭᠡ ᠠᠩᠬᠢ ᠶᠢᠨ ᠬᠠᠪᠰᠤᠷᠤᠨ ᠵᠢᠯᠤᠭᠤᠳ᠋ᠤᠭᠴᠢ ᠪᠠᠷ ᠠᠵᠢ᠍ᠯᠯᠠᠵᠤ ᠪᠠᠢ᠌ᠨ᠎ᠠ ᠃

ᠬᠠᠷᠠᠬᠠᠨ ᠪᠠᠭ᠎ᠠ ᠡᠴᠡ ᠪᠠᠨ ᠤᠷᠠᠨ ᠵᠢᠷᠤᠭ ᠳ᠋ᠥ ᠪᠠᠬᠠᠲᠠᠢ ᠂ ᠪᠠᠭᠰᠢ ᠶᠢᠨ ᠰᠤᠷᠭᠠᠭᠤᠯᠢ ᠳ᠋ᠥ ᠰᠢ᠍ᠰᠲ᠋ᠧᠮ ᠲᠡᠶ ᠪᠤᠯᠪᠠᠰᠤᠷᠠᠯ ᠬᠦᠷᠳ᠋ᠡᠵᠤ ᠮᠦ᠋ᠨᠴᠤ ᠮᠤᠩᠭ᠋ᠤᠯ ᠰᠤᠷᠭᠠᠭᠤᠯᠢ ᠳ᠋ᠥ ᠪᠠᠨ ᠠᠵᠢ᠍ᠯᠯᠠᠬᠤ ᠪᠤᠯᠤᠭᠰᠠᠨ ᠡᠴᠡ ᠦᠨᠳ᠋ᠤᠰᠤᠳ᠋ᠡᠨ ᠤ ᠰᠤᠶᠤᠯ ᠤᠨ ᠨᠠᠨᠳ᠋ᠢ᠍ᠨ ᠦᠪ ᠪᠤᠯᠤᠭᠰᠠᠨ ᠮᠤᠩᠭ᠋ᠤᠯ ᠤᠷᠠᠯᠢ᠍ᠭ ᠶᠢᠡᠨ ᠤᠯᠠᠮ ᠨᠢ᠍ᠭᠡ ᠠᠯᠬᠤᠮ ᠴᠡᠴᠡᠭᠯᠡᠬᠦᠯᠦᠨ ᠬᠦᠭ᠍ᠵᠢ᠍ᠬᠦᠯᠬᠦ ᠶᠢᠨ ᠲᠦ᠋ᠯᠦᠭᠡ ᠠᠵᠢ᠍ᠯ ᠤᠨ ᠴᠢ᠍ᠯᠦᠭᠡ ᠪᠠᠨ ᠠᠰᠢ᠍ᠭᠯᠠᠵᠤ ᠬᠡᠤᠭᠡᠳ ᠤᠨ ᠪᠠᠷ ᠵᠢᠷᠤᠭ ᠤᠨ ᠲᠤᠬᠠᠢ ᠲᠤᠰᠬᠠᠢ ᠰᠤᠳ᠋ᠤᠯᠭᠠᠨ ᠬᠢᠬᠦ ᠶᠢᠨ ᠬᠠᠮᠳ᠋ᠤ ᠮᠤᠩᠭ᠋ᠤᠯ ᠦᠷᠡᠰ ᠶᠢᠡᠨ ᠴᠤᠭᠯᠠᠭᠤᠯᠵᠤ ᠵᠢᠭᠠᠨ ᠵᠢᠯᠤᠭᠤᠳᠴᠤ ᠂ ᠰᠤᠳ᠋ᠤᠨ ᠪᠦᠳ᠋ᠦᠭᠡᠯ ᠢ ᠡᠬᠦᠳ᠋ᠤᠨ ᠂ ᠨᠦ᠋ᠯᠦᠭᠡ ᠲᠤᠰᠬᠠᠯ ᠶᠢᠡᠨ ᠲᠠᠰᠤᠷᠠᠯᠳ᠋ᠠ ᠦᠭᠡᠶ ᠦᠷᠭᠡᠳᠭᠡᠨ ᠬᠦᠨᠵᠡᠬᠡᠢ᠌ᠷᠡᠬᠦᠯᠬᠦ ᠪᠠᠷ ᠴᠢ᠍ᠷᠮᠠᠢ᠌ᠭᠰᠠᠭᠠᠷ ᠢᠷᠡᠭ᠍ᠰᠡᠨ ᠪᠠᠢ᠌ᠨ᠎ᠠ ᠃ ᠠᠵᠢ᠍ᠯᠯᠠᠬᠤ ᠪᠠᠢ᠌ᠷᠢ ᠳ᠋ᠥ ᠪᠠᠨ ᠦᠨᠳ᠋ᠤᠰᠤᠳ᠋ᠡᠨ ᠤ ᠰᠠᠭᠤᠷᠢ ᠰᠤᠷᠭᠠᠨ ᠬᠦᠮᠦᠵᠢ᠍ᠯ ᠢ ᠲᠦ᠋ᠢ᠍ᠯ ᠶᠢᠡᠷ ᠬᠦᠨᠳ᠋ᠤᠳᠭᠡᠨ ᠦᠵᠡᠵᠤ ᠰᠤᠷᠤᠭᠴᠢ ᠶᠢᠨ ᠭᠤᠤᠯ ᠴᠤᠭᠴᠠ ᠶᠢᠨ ᠪᠠᠢ᠌ᠷᠢ ᠰᠠᠭᠤᠷᠢ ᠶᠢ ᠪᠠᠳ᠋ᠤᠯᠠᠵᠤ ᠲᠡᠢ᠌ᠯᠬᠦ ᠰᠢ᠍ᠨ᠎ᠠ ᠰᠡᠪᠡᠬᠦᠨ ᠂ ᠠᠮᠢ᠍ᠳ᠋ᠤᠯᠢ᠍ᠭ ᠂ ᠰᠤᠷᠤᠭᠴᠢ᠍ᠳ ᠤᠨ ᠪᠤᠳ᠋ᠠᠳ᠋ᠤ ᠤᠨᠴᠠᠯᠢ᠍ᠭ ᠲᠣ ᠨᠡᠢ᠌ᠴᠡᠭ᠍ᠰᠡᠨ ᠰᠢ᠍ᠨ᠎ᠠ ᠬᠡᠪ ᠮᠠᠶ‍ᠢ᠍ᠭ ᠤᠨ ᠵᠢᠭᠠᠨ ᠰᠤᠷᠭᠠᠯᠳ᠋ᠠ ᠶᠢᠨ ᠠᠷᠭ᠎ᠠ ᠪᠠᠷᠢ᠍ᠯ ᠢ ᠵᠤᠷᠢ᠍ᠭᠲᠠᠢ ᠡᠷᠢ᠍ᠯᠬᠢᠯᠡᠨ ᠰᠦ᠋ᠪᠡᠭ᠍ᠴᠢ᠍ᠯᠡᠵᠤ ᠂ ᠪᠤᠳ᠋ᠠᠳ᠋ᠤ ᠦᠢ᠍ᠯᠡᠳ᠋ᠤᠯᠭᠡ ᠶᠢᠨ ᠲᠤᠮᠳ᠋ᠠ ᠬᠡᠷᠡᠭ᠍ᠵᠢ᠍ᠬᠦᠯᠦᠭ᠍ᠰᠡᠨ ᠡᠴᠡ ᠠᠮᠵᠢ᠍ᠯᠳ᠋ᠠ ᠤᠯᠠᠨ ᠪᠠᠢ᠌ᠨ᠎ᠠ ᠃

2008 ᠤᠨ ᠂ 《ᠵᠢᠷᠤᠭᠳ᠋ᠤ ᠡᠳ᠋ᠤᠷ ᠤᠨ ᠲᠡᠮᠳ᠋ᠡᠭᠯᠡᠯ》 ᠭᠡᠬᠦ ᠦᠬᠦᠯᠡᠯ ᠨᠢ ᠪᠦᠬᠦ ᠬᠤᠳ᠋ᠠ ᠶᠢᠨ ᠦᠨᠳ᠋ᠤᠰᠤᠳ᠋ᠡᠨ ᠤ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠪᠠᠭᠰᠢ ᠨᠡᠷ ᠤᠨ ᠦᠬᠦᠯᠡᠯ ᠤᠨ ᠰᠢ᠍ᠯᠭᠠᠷᠠᠭᠤᠯᠬᠤ ᠤᠷᠤᠯᠳ᠋ᠤᠭᠠᠨ ᠳ᠋ᠥ ᠨᠢ᠍ᠭᠡᠳ᠋ᠤᠭᠡᠷ ᠲᠡᠰ ᠤᠨ ᠱᠠᠩᠨᠠᠯ ᠬᠦᠷᠳ᠋ᠡᠪᠡ ᠃

2009 ᠤᠨ ᠳ᠋ᠥ ᠂ ᠪᠦᠬᠦ ᠬᠤᠳ᠋ᠠ ᠶᠢᠨ ᠪᠠᠭ᠎ᠠ ᠰᠤᠷᠭᠠᠭᠤᠯᠢ ᠶᠢᠨ ᠤᠷᠠᠨ ᠵᠢᠷᠤᠭ ᠤᠨ ᠬᠢᠴᠢ᠍ᠶᠠᠯ ᠤᠨ ᠰᠢ᠍ᠨ᠎ᠠ ᠡᠭᠦᠳ᠋ᠤᠯᠳ᠋ᠤ ᠬᠢᠴᠢ᠍ᠶᠠᠯᠯᠡᠭᠡ ᠶᠢᠨ ᠰᠢ᠍ᠯᠭᠠᠷᠠᠭᠤᠯᠤᠯᠳ᠋ᠠ ᠳ᠋ᠥ ᠰᠢ᠍ᠯᠢ᠍ᠳ᠋ᠡᠭ᠌ ᠵᠢᠭᠠᠨ ᠰᠤᠷᠭᠠᠭᠴᠢ ᠶᠢᠨ ᠠᠯᠳ᠋ᠠᠷ ᠢ ᠬᠦᠷᠳ᠋ᠡᠭ᠍ᠰᠡᠨ ᠪᠠᠢ᠌ᠨ᠎ᠠ ᠃

2009 ᠤᠨ ᠳ᠋ᠥ ᠂ ᠪᠦᠬᠦ ᠤᠷᠤᠨ ᠤ ᠪᠠᠭ᠎ᠠ ᠰᠤᠷᠭᠠᠭᠤᠯᠢ ᠶᠢᠨ ᠤᠷᠠᠨ ᠵᠢᠷᠤᠭ ᠤᠨ ᠬᠢᠴᠢ᠍ᠶᠠᠯ ᠤᠨ ᠲᠠᠪᠤᠳ᠋ᠤᠭᠠᠷ ᠤᠳ᠋ᠠᠭᠠᠨ ᠤ ᠵᠢᠭᠠᠨ ᠰᠤᠷᠭᠠᠯᠳ᠋ᠠ ᠶᠢᠨ ᠤᠨᠴᠠᠯᠢ᠍ᠭᠳ᠋ᠤ ᠬᠢᠴᠢ᠍ᠶᠠᠯᠯᠡᠬᠡ ᠶᠢᠨ ᠮᠦ᠋ᠷᠤᠢ᠌ᠴᠡᠭᠡᠨ ᠳ᠋ᠥ ᠬᠤᠶᠠᠳ᠋ᠤᠭᠠᠷ ᠲᠠᠰ ᠤᠨ ᠱᠠᠩᠨᠠᠯ ᠬᠦᠷᠳ᠋ᠡᠪᠡ ᠃

2011 ᠤᠨ ᠳᠤ ᠂ ᠠᠯᠪᠠᠨ ᠵᠢᠷᠤᠮ ᠤᠨ ᠰᠤᠷᠭᠠᠨ ᠬᠦᠮᠦᠵᠢ᠍ᠯ ᠤᠨ ᠱᠠᠳ᠋ᠤᠨ ᠳ᠋ᠥ ᠮᠤᠩᠭ᠋ᠤᠯ ᠰᠤᠶᠤᠯ ᠶᠢᠡᠷ ᠠᠴᠢ᠍ᠶᠠᠯᠠᠭᠴᠢ ᠪᠤᠯᠭᠠᠵᠤ ᠰᠤᠷᠤᠭᠴᠢ ᠶᠢᠨ ᠪᠦᠳ᠋ᠦᠭᠡᠯᠴᠢ ᠴᠢ᠍ᠳ᠋ᠠᠪᠤᠷᠢ ᠶᠢ ᠬᠦᠭ᠍ᠵᠢ᠍ᠬᠦᠯᠬᠦ ᠵᠢᠭᠠᠬᠤᠢ ᠰᠤᠷᠬᠤᠢ ᠶᠢ ᠰᠢ᠍ᠨᠡᠴᠢ᠍ᠯᠡᠬᠦ ᠲᠤᠷᠰᠢ᠍ᠯᠳ᠋ᠠ ᠳ᠋ᠥ《ᠤᠷᠠᠨ ᠵᠢᠷᠤᠭ ᠤᠨ ᠵᠢᠭᠠᠬᠤᠢ ᠰᠤᠷᠬᠤᠢ ᠶᠢ ᠰᠢ᠍ᠨᠡᠴᠢ᠍ᠯᠡᠭ᠍ᠰᠡᠨ ᠦᠷ᠎ᠠ ᠪᠦᠳ᠋ᠦᠭᠡᠯ ᠤᠨ ᠱᠠᠩᠨᠠᠯ》 ᠬᠦᠷᠳ᠋ᠡᠪᠡ ᠃

2011 ᠤᠨ ᠳᠤ ᠂ ᠪᠦᠬᠦ ᠬᠤᠳ᠋ᠠ ᠶᠢᠨ ᠲᠠᠭᠤᠤ ᠂ ᠵᠢᠷᠤᠭ ᠂ ᠲᠠᠮᠢ᠍ᠷ ᠤᠨ ᠪᠠᠭᠰᠢ ᠶᠢᠨ ᠵᠢᠭᠠᠨ ᠰᠤᠷᠭᠠᠭᠴᠢ ᠶᠢᠨ ᠰᠢ᠍ᠯᠭᠠᠷᠠᠭᠤᠯᠬᠤ ᠤᠷᠤᠯᠳ᠋ᠤᠭᠠᠨ ᠳ᠋ᠥ ᠤᠷᠠᠨ ᠵᠢᠷᠤᠭ ᠤᠨ ᠬᠢᠴᠢ᠍ᠶᠠᠯ ᠤᠨ ᠰᠢ᠍ᠯᠢ᠍ᠳ᠋ᠡᠭ᠌ ᠵᠢᠭᠠᠨ ᠰᠤᠷᠭᠠᠭᠴᠢ ᠶᠢᠨ ᠠᠯᠳ᠋ᠠᠷ ᠢ ᠬᠦᠷᠳ᠋ᠡᠭ᠍ᠰᠡᠨ ᠪᠠᠢ᠌ᠨ᠎ᠠ ᠃ 2012 ᠤᠨ ᠳ᠋ᠥ ᠂ ᠦᠪᠤᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤ ᠮᠤᠩᠭ᠋ᠤᠯ ᠶᠢᠡᠷ ᠬᠢᠴᠢ᠍ᠶᠠᠯᠯᠡᠬᠦ ᠲᠤᠮᠳ᠋ᠠᠳ᠋ᠤ ᠰᠤᠷᠭᠠᠭᠤᠯᠢ ᠶᠢᠨ ᠤᠷᠠᠨ ᠵᠢᠷᠤᠭ ᠤᠨ ᠬᠢᠴᠢ᠍ᠶᠠᠯ ᠤᠨ ᠪᠠᠭᠰᠢ ᠶᠢᠨ ᠦᠨᠳ᠋ᠤᠰᠤᠨ ᠴᠢ᠍ᠳ᠋ᠠᠪᠤᠷᠢ ᠶᠢᠨ ᠰᠢ᠍ᠯᠭᠠᠷᠠᠭᠤᠯᠤᠯᠳ᠋ᠠ ᠳ᠋ᠥ ᠨᠢ᠍ᠭᠡᠳ᠋ᠤᠭᠡᠷ ᠲᠡᠰ ᠤᠨ ᠱᠠᠩᠨᠠᠯ ᠬᠦᠷᠳ᠋ᠡᠪᠡ ᠃

2013 ᠤᠨ ᠳ᠋ᠥ ᠂ ᠲᠦ᠋ᠩᠯᠢ᠍ᠶᠤᠤ ᠬᠤᠳ᠋ᠠ ᠶᠢᠨ ᠭᠤᠷᠪᠠᠳ᠋ᠤᠭᠠᠷ ᠬᠤᠭᠤᠴᠠᠭᠠᠨ ᠤ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠰᠤᠷᠤᠭᠴᠢ᠍ᠳ ᠤᠨ ᠤᠷᠠᠯᠢ᠍ᠭ ᠤᠨ ᠪᠠᠶᠠᠷ ᠲᠣ ᠰᠢ᠍ᠯᠢ᠍ᠳ᠋ᠡᠭ᠌ ᠵᠢᠭᠠᠨ ᠵᠢᠯᠤᠭᠤᠳ᠋ᠤᠭᠴᠢ ᠪᠠᠭᠰᠢ ᠪᠠᠷ ᠦᠨᠡᠯᠡᠭ᠍ᠳ᠋ᠡᠪᠠ ᠃

2015 ᠤᠨ ᠳ᠋ᠥ ᠬᠤᠳ᠋ᠠ ᠶᠢᠨ ᠰᠢ᠍ᠭᠤᠤᠨ ᠬᠠᠷᠢ᠍ᠶ᠎ᠠ ᠰᠤᠷᠭᠠᠨ ᠬᠦᠮᠦᠵᠢ᠍ᠯ ᠤᠨ ᠰᠢ᠍ᠰᠲ᠋ᠧᠮ ᠤᠨ 《5.4 ᠵᠠᠯᠠᠭᠤᠴᠤᠤᠨ ᠤᠨ ᠵᠢᠱᠢ᠍ᠶᠡᠴᠢ》‍ ᠤᠨ ᠦᠩᠭᠡ ᠬᠡᠷᠡᠯ ᠢ ᠤᠯᠵᠤ ᠂ 2015 ᠤᠨ ᠳ᠋ᠥ ᠲᠦ᠋ᠩᠯᠢ᠍ᠶᠤᠤ ᠬᠤᠳ᠋ᠠ ᠶᠢᠨ ᠨᠢ᠋ᠮᠠᠳ᠋ᠤᠭᠠᠷ ᠬᠤᠭᠤᠴᠠᠭᠠᠨ ᠤ 《ᠪᠠᠭᠠᠴᠤᠤᠨ ᠤᠨ ᠬᠤᠰᠢ᠍ᠭᠤᠴᠢ ᠠᠩᠬᠢ ᠶᠢᠨ ᠬᠠᠪᠰᠤᠷᠤᠨ ᠵᠢᠯᠤᠭᠤᠳ᠋ᠤᠭᠴᠢ ᠶᠢᠨ ᠤᠷ᠎ᠠ ᠴᠢ᠍ᠳ᠋ᠡᠪᠤᠷᠢ ᠶᠢᠨ ᠤᠷᠤᠯᠳ᠋ᠤᠭᠠᠨ》 ᠳ᠋ᠥ ᠵᠢᠱᠢ᠍ᠶᠡᠴᠢ ᠪᠡᠷ ᠦᠨᠡᠯᠡᠭ᠍ᠳ᠋ᠡᠭ᠍ᠰᠡᠨ ᠪᠠᠢ᠌ᠨ᠎ᠠ ᠃

2006 ᠊᠊᠊᠊᠊᠊᠊᠊᠊ 2015 ᠤᠨ ᠤ ᠬᠤᠭᠤᠴᠠᠭᠠᠨ ᠳᠤ ᠨᠠᠷᠠ ᠪᠠᠭᠰᠢ ᠶᠢᠨ ᠵᠢᠭᠠᠨ ᠵᠢᠯᠤᠭᠤᠳ᠋ᠤᠭᠰᠠᠨ ᠬᠡᠦᠭᠡᠳ ᠤᠨ ᠪᠡᠷ ᠵᠢᠷᠤᠭ ᠤᠨ ᠲᠤᠭᠤᠢ᠌ᠯᠠᠩ ᠤᠨ ᠰᠤᠷᠤᠭᠴᠢ᠍ᠳ ᠤᠨ 300 ᠭᠠᠷᠤᠢ ᠰᠢ᠍ᠯᠢ᠍ᠳ᠋ᠡᠭ᠌ ᠪᠠᠷ ᠵᠢᠷᠤᠭ ᠤᠨ ᠪᠦᠳ᠋ᠦᠭᠡᠯ ᠤᠳ ᠨᠢ ᠬᠤᠳ᠋ᠠ ᠂ ᠤᠷᠤᠨ ᠂ ᠤᠯᠤᠰ ᠤᠨ ᠲᠡᠰ ᠤᠨ ᠡᠯ᠎ᠠ ᠵᠤᠢ᠌ᠯ ᠤᠨ ᠤᠷᠠᠨ ᠵᠢᠷᠤᠭ ᠤᠨ ᠮᠦ᠋ᠷᠦᠢ᠌ᠴᠡᠭᠡᠨ ᠳ᠋ᠥ ᠠᠯᠳ᠋ᠠ ᠂ ᠮᠦ᠋ᠩᠬᠦᠨ ᠂ ᠬᠦᠷᠡᠯ ᠮᠧᠳ᠋ᠠᠯ ᠤᠨ ᠰᠢ᠍ᠯᠢ᠍ᠳ᠋ᠡᠭ᠌ ᠱᠠᠩᠨᠠᠯ ᠢ ᠤᠯᠠᠨᠳ᠋ᠠ ᠬᠦᠷᠳ᠋ᠡᠭ᠍ᠰᠡᠨ ᠮᠦ᠋ᠷᠳ᠋ᠡᠭᠡᠨ ᠨᠠᠷᠠ ᠪᠠᠭᠰᠢ ᠴᠦ ᠰᠢ᠍ᠯᠢ᠍ᠳ᠋ᠡᠭ᠌ ᠵᠢᠭᠠᠨ ᠵᠢᠯᠤᠭᠤᠳ᠋ᠤᠭᠴᠢ ᠪᠠᠭᠰᠢ ᠶᠢᠨ ᠱᠠᠩᠨᠠᠯ ᠢ ᠤᠯᠠᠨ ᠤᠳ᠋ᠠᠭ᠎ᠠ ᠲᠤᠰᠤᠭᠰᠠᠨ ᠪᠠᠢ᠌ᠨ᠎ᠠ ᠃ ᠡᠬᠦᠨ ᠤ ᠲᠠᠭᠠᠤ ᠰᠤᠷᠤᠭᠴᠢ᠍ᠳ ᠤᠨ ᠰᠢ᠍ᠯᠢ᠍ᠳ᠋ᠡᠭ᠌ ᠪᠦᠳ᠋ᠤᠭᠡᠯ ᠤᠳ ᠨᠢ 《ᠲᠦ᠋ᠩᠯᠢ᠍ᠶᠤᠤ ᠵᠢᠨ ᠡᠳ᠋ᠦᠷ ᠤᠨ ᠰᠤᠨᠢᠨ》 ᠂ 《ᠨᠠᠬᠢᠶ᠎ᠠ》 ᠰᠡᠳᠬᠦᠯ ᠂ 《ᠴᠤᠮᠤᠷᠯᠢ᠍ᠭ》 ᠰᠡᠳᠬᠦᠯ ᠂ 《ᠲᠦ᠋ᠩᠯᠢ᠍ᠶᠤᠤ ᠬᠤᠳ᠋ᠠ ᠵᠢᠨ ᠤᠷᠠᠨ ᠪᠢᠴᠢ᠍ᠯᠭᠡ ᠤᠷᠠᠨ ᠵᠢᠷᠤᠭ ᠤᠨ ᠪᠦᠳ᠋ᠦᠭᠡᠯ ᠤᠨ ᠲᠡᠭᠦᠪᠤᠷᠢ》 ᠂ 《ᠦᠪᠤᠷ ᠮᠤᠩᠭ᠋ᠤᠯ ᠤᠨ ᠪᠠᠭᠠᠴᠤᠤᠨ ᠤᠨ ᠰᠤᠨᠢᠨ》 ᠂ 《ᠦᠪᠤᠷ ᠮᠤᠩᠭ᠋ᠤᠯ ᠤᠨ ᠰᠤᠷᠭᠠᠨ ᠬᠦᠮᠦᠵᠢ᠍ᠯ》 ᠵᠡᠷᠭᠡ ᠰᠡᠳᠬᠦᠯ ᠲᠤ ᠤᠯᠠᠨᠳ᠋ᠠ ᠰᠤᠩᠭ᠋ᠤᠭᠳ᠋ᠠᠨ ᠨᠡᠢ᠌ᠳ᠋ᠡᠯᠡᠭ᠍ᠳ᠋ᠡᠵᠤ ᠂ 《ᠬᠤᠷᠴᠢ᠍ᠨ ᠤ ᠬᠤᠲᠠ ᠵᠢᠨ ᠰᠤᠨᠢᠨ》 ᠲᠡᠭᠡᠷ᠎ᠠ 《ᠮᠢ᠍ᠨᠦ ᠵᠢᠷᠤᠭ ᠤᠨ ᠪᠢᠷ》 ᠭᠡᠬᠦ ᠲᠤᠰᠬᠠᠢ ᠪᠤᠯᠤᠩ ᠳ᠋ᠥ ᠤᠯᠠᠨ ᠤᠳ᠋ᠠᠭ᠎ᠠ ᠨᠡᠢ᠌ᠳ᠋ᠡᠯᠡᠭ᠍ᠳ᠋ᠡᠭ᠍ᠰᠡᠨ ᠪᠠᠢ᠌ᠨ᠎ᠠ ᠃

ᠮᠤᠩᠭ᠋ᠤᠯ ᠤᠷᠠᠯᠢ᠍ᠭ ᠢ ᠪᠠᠨ ᠤᠷᠤᠯᠳ᠋ᠤᠬᠤ ᠲᠤᠳ᠋ᠤᠮ ᠦᠡᠳ᠋ᠦᠰᠦᠳ᠋ᠡᠨ ᠤ ᠦᠵᠡᠯ ᠰᠡᠳᠬᠢᠯᠬᠡ ᠮᠢ᠍ᠨᠢ ᠤᠯᠠᠮ ᠦᠳᠬᠡᠷᠡᠨ ᠵᠤᠵᠠᠭᠠᠷᠠᠵᠤ ᠂ ᠦᠡᠳ᠋ᠦᠰᠦᠳ᠋ᠡᠨ ᠤ ᠪᠠᠨ ᠦᠬᠡ ᠬᠡᠯᠡ ᠦᠰᠦᠭ᠌ ᠪᠢᠴᠢ᠍ᠭ᠌ ᠂ ᠮᠤᠩᠭ᠋ᠤᠯ ᠤᠷᠠᠯᠢ᠍ᠭ ᠢ ᠪᠠᠨ ᠤᠯᠠᠮᠵᠢ᠍ᠯᠠᠵᠤ ᠬᠦᠭ᠍ᠵᠢ᠍ᠬᠦᠯᠬᠦ ᠬᠦᠰᠡᠯ ᠱᠠᠭᠠᠷᠳ᠋ᠠᠯᠭ᠎ᠠ ᠮᠢ᠍ᠨᠢ ᠤᠯᠠᠮ ᠲᠤᠯᠭᠠᠮ᠎ᠠ ᠪᠤᠯᠤᠭᠰᠠᠨ ᠡᠴᠡ《ᠲᠦ᠋ᠩᠯᠢ᠍ᠶᠤᠤ ᠬᠤᠳ᠋ᠠ ᠶᠢᠨ ᠮᠤᠩᠭ᠋ᠤᠯ ᠦᠨᠳ᠋ᠤᠰᠤᠳ᠋ᠡᠨ ᠤ ᠰᠤᠷᠭᠠᠭᠤᠯᠢ ᠶᠢᠨ ᠰᠤᠷᠤᠭᠴᠢ ᠶᠢᠨ ᠪᠠᠷ ᠵᠢᠷᠤᠭ》 ᠭᠡᠬᠦ ᠨᠤᠮ ᠶᠢᠡᠨ ᠬᠡᠪᠡᠯᠡᠬᠦ ᠪᠠᠷ ᠪᠤᠯᠤᠭᠰᠠᠨ ᠪᠠᠢ᠌ᠨ᠎ᠠ ᠃

ᠲᠤᠰ ᠲᠡᠬᠦᠪᠤᠷᠢ ᠨᠢ ᠬᠡᠤᠭᠡᠳ ᠤᠳ ᠲᠣ ᠮᠢ᠍ᠨᠢ ᠦᠪ ᠪᠤᠯᠤᠨ ᠦᠯᠡᠳ᠋ᠡᠵᠤ ᠂ ᠡᠷᠬᠢᠴᠡᠬᠦᠯᠦᠯ ᠲᠤᠷᠠᠳᠬᠠᠯ ᠤᠨ ᠬᠢᠨᠢ ᠦᠨᠤᠴᠢ᠍ᠨ ᠨᠠᠪᠴᠢ ᠪᠤᠯᠤᠨ ᠬᠤᠴᠤᠷᠠᠵᠤ ᠂ ᠬᠡᠴᠢ᠍ᠨᠡᠨ ᠵᠢᠯ ᠤᠨ ᠬᠢᠨᠢ ᠰᠡᠬᠦᠯᠡᠷ ᠦᠰᠪᠤᠷᠢ ᠪᠠᠭ᠎ᠠ ᠨᠠᠰᠤᠨ ᠤ ᠲᠤᠷᠠᠰᠬᠤ ᠶᠢᠨ ᠬᠢᠨᠢ ᠤᠴᠢ᠍ᠭ ᠂ ᠦᠭᠡᠳ᠋ᠡᠯᠡᠨ ᠲᠠᠪᠰᠢ᠍ᠬᠤ ᠶᠢᠨ ᠬᠢᠨᠢ ᠬᠦᠴᠤᠨ ᠪᠤᠯᠵᠤ ᠦᠯᠡᠳ᠋ᠡᠭᠡᠰᠡᠢ ᠬᠡᠵᠤ ᠬᠦᠰᠡᠯ᠎ᠠ ᠃

ᠡᠴᠤᠰ ᠲᠣ ᠨᠢ ᠲᠠᠨᠠᠷ ᠤᠨ ᠶᠢᠡᠨ ᠰᠠᠨᠠᠯ ᠰᠢ᠍ᠬᠦᠮᠵᠢ ᠶᠢ ᠬᠦᠰᠡᠶ᠎ᠠ ︕

 

2006 ᠂ 6 ᠰᠠᠷ᠎ᠠ ᠳ᠋ᠥ ᠂ ᠲᠦ᠋ᠩᠯᠢ᠍ᠶᠤᠤ ᠬᠤᠳ᠋ᠠ ᠶᠢᠨ ᠰᠤᠷᠭᠠᠨ ᠬᠦᠮᠦᠵᠢ᠍ᠯ ᠤᠨ ᠲᠤᠪᠴᠢ᠍ᠶᠠᠨ ᠡᠴᠡ ᠵᠤᠬᠢᠶᠠᠨ ᠪᠠᠢ᠌ᠭᠤᠯᠤᠭᠰᠠᠨ《ᠲᠤᠮᠳ᠋ᠠᠳ᠋ᠤ ᠪᠠᠭ᠎ᠠ ᠰᠤᠷᠭᠠᠭᠤᠯᠢ ᠶᠢᠨ ᠪᠠᠭᠰᠢ ᠰᠤᠷᠤᠭᠴᠢ ᠶᠢᠨ ᠤᠷᠠᠨ ᠵᠢᠷᠤᠭ ᠤᠨ ᠪᠦᠳ᠋ᠦᠭᠡᠯ ᠤᠨ ᠤᠷᠤᠯᠳ᠋ᠤᠭᠠᠨ》 ᠳ᠋ᠥ ᠠᠨᠴᠢ᠍ᠷ ᠵᠡᠷᠭᠡ ᠲᠠᠪᠤᠨ ᠰᠤᠷᠤᠭᠴᠢ ᠱᠠᠩᠨᠠᠯ ᠬᠦᠷᠳ᠋ᠡᠪᠡ ᠃

2007 ᠂ 5 ᠰᠠᠷ᠎ᠠ ᠳ᠋ᠥ ᠂ ᠲᠦ᠋ᠩᠯᠢ᠍ᠶᠤᠤ ᠬᠤᠳ᠋ᠠ ᠶᠢᠨ ᠬᠤᠷᠴᠢ᠍ᠨ ᠲᠤᠭᠤᠷᠢ᠍ᠭ ᠤᠨ ᠤᠬᠠᠭᠤᠯᠬᠤ ᠬᠤᠷᠢ᠍ᠶ᠎ᠠ ᠡᠴᠡ ᠨᠠᠢ᠌ᠷᠠᠭᠤᠯᠤᠨ ᠬᠡᠪᠯᠡᠭ᠍ᠰᠡᠨ《ᠬᠤᠷᠴᠢ᠍ᠨ ᠤ ᠰᠤᠨᠢᠷᠬᠠᠯ》 ᠬᠡᠬᠦ ᠬᠡᠤᠭᠡᠳ ᠤᠨ ᠪᠠᠷ ᠵᠢᠷᠤᠭ ᠤᠨ ᠰᠤᠩᠭ᠋ᠤᠮᠠᠯ ᠳ᠋ᠥ ᠠᠷᠤᠤᠬᠠᠨ ᠂ ᠴᠡᠯᠮᠡᠭ᠌ ᠵᠡᠷᠭᠡ ᠲᠠᠪᠤᠨ ᠰᠤᠷᠤᠭᠴᠢ ᠶᠢᠨ ᠪᠦᠳ᠋ᠦᠭᠡᠯ ᠰᠤᠩᠭ᠋ᠤᠭᠳ᠋ᠠᠨ ᠨᠡᠢ᠌ᠳ᠋ᠡᠯᠡᠭ᠍ᠳ᠋ᠡᠪᠡ ᠃

2007 ᠂ 7 ᠰᠠᠷ᠎ᠠ ᠳ᠋ᠥ ᠂ ᠲᠦ᠋ᠩᠯᠢ᠍ᠶᠤᠤ ᠬᠤᠳ᠋ᠠ ᠶᠢᠨ ᠰᠤᠷᠭᠠᠨ ᠬᠦᠮᠦᠵᠢ᠍ᠯ ᠤᠨ ᠲᠤᠪᠴᠢ᠍ᠶᠠᠨ ᠡᠴᠡ ᠵᠤᠬᠢᠶᠠᠨ ᠪᠠᠢ᠌ᠭᠤᠯᠤᠭᠰᠠᠨ《ᠲᠦ᠋ᠩᠯᠢ᠍ᠶᠤᠤ ᠬᠤᠳ᠋ᠠ ᠶᠢᠨ ᠠᠩᠬᠠᠳ᠋ᠠᠭᠴᠢ ᠤᠳ᠋ᠠᠭᠠᠨ ᠤ ᠲᠠᠯ᠎ᠠ ᠨᠤᠳ᠋ᠤᠭ ᠤᠨ ᠬᠡᠤᠭᠡᠳ ᠪᠠᠭᠠᠴᠤᠤᠨ ᠤᠨ ᠤᠷᠠᠯᠢ᠍ᠭ ᠤᠨ ᠪᠠᠶᠠᠷ》 ᠤᠨ ᠤᠷᠠᠨ ᠵᠢᠷᠤᠭ ᠤᠨ ᠪᠦᠳ᠋ᠦᠭᠡᠯ ᠤᠨ ᠨᠢ᠍ᠭᠡᠳ᠋ᠦᠭᠡᠷ ᠨᠠᠷᠡᠰ ᠢ ᠠᠨᠴᠢ᠍ᠷ ᠂ ᠬᠤᠶᠠᠳ᠋ᠤᠭᠠᠷ ᠨᠠᠷᠡᠰ ᠢ ᠴᠢ᠍ᠩ ᠴᠢ᠍ᠩ ᠬᠦᠷᠳ᠋ᠡᠵᠤ ᠂ ᠰᠤᠷᠤᠭᠴᠢ ᠲᠤᠶᠠᠭ᠎ᠠ ᠶᠢᠨ ᠪᠦᠳ᠋ᠦᠭᠡᠯ 《ᠲᠦ᠋ᠩᠯᠢ᠍ᠶᠤᠤ ᠡᠳ᠋ᠤᠷ ᠤᠨ ᠰᠤᠨᠢᠨ》 ᠲᠡᠭᠡᠷ᠎ᠠ ᠨᠡᠢ᠌ᠳ᠋ᠡᠯᠡᠭ᠍ᠳ᠋ᠡᠪᠠ ᠃

2008 ᠂ 9 ᠰᠠᠷ᠎ᠠ ᠳ᠋ᠥ ᠂ ᠦᠪᠤᠷ ᠮᠤᠩᠭ᠋ᠤᠯ ᠤᠨ ᠦᠪᠡᠷᠳ᠋ᠡᠭᠡᠨ ᠵᠠᠰᠠᠬᠤ ᠤᠷᠤᠨ ᠤ ᠡᠮᠡᠭ᠍ᠲᠠᠢ᠌ᠴᠤᠤᠨ ᠤᠨ ᠬᠤᠯᠪᠤᠭ᠎ᠠ ᠡᠴᠡ ᠵᠤᠬᠢᠶᠠᠨ ᠪᠠᠢ᠌ᠭᠤᠯᠤᠭᠰᠠᠨ《ᠲᠠᠯ᠎ᠠ ᠨᠤᠳ᠋ᠤᠭ ᠤᠨ ᠪᠠᠭᠠᠴᠤᠤᠨ ᠤᠯᠢ᠍ᠮᠫᠢᠺ ᠤᠨ ᠲᠠᠮᠢ᠍ᠷ ᠤᠨ ᠤᠷᠤᠯᠳ᠋ᠤᠭᠠᠨ ᠢ ᠤᠭᠳ᠋ᠤᠶ᠎ᠠ》 ᠬᠡᠤᠭᠡᠳ ᠪᠠᠭᠠᠴᠤᠤᠨ ᠤᠨ ᠤᠷᠠᠨ ᠵᠢᠷᠤᠭ ᠤᠷᠠᠨ ᠵᠤᠬᠢᠶᠠᠯ ᠤᠨ ᠤᠷᠤᠯᠳ᠋ᠤᠭᠠᠨ ᠳ᠋ᠥ ᠯᠢ ᠯᠢ ᠵᠡᠷᠭᠡ ᠨᠢ᠋ᠮᠠᠨ ᠰᠤᠷᠤᠭᠴᠢ ᠰᠢ᠍ᠯᠢ᠍ᠳ᠋ᠡᠭ᠌ ᠬᠢᠷᠢ ᠪᠦᠳ᠋ᠤᠮᠵᠢ ᠤᠯᠪᠠ ᠃

2010 ᠂ 5 ᠰᠠᠷ᠎ᠠ ᠳ᠋ᠥ ᠂ ᠲᠦ᠋ᠩᠯᠢ᠍ᠶᠤᠤ ᠬᠤᠳ᠋ᠠ ᠶᠢᠨ ᠬᠤᠢ᠌ᠴᠢ ᠦᠶ᠎ᠠ ᠶᠢ ᠬᠠᠷᠠᠭᠠᠯᠵᠠᠬᠤ ᠵᠦ᠋ᠪᠯᠡᠯ ᠡᠴᠡ ᠡᠷᠬᠢᠯᠡᠨ ᠨᠠᠢ᠌ᠷᠠᠭᠤᠯᠤᠭᠰᠠᠨ《ᠲᠦ᠋ᠩᠯᠢ᠍ᠶᠤᠤ ᠬᠤᠳ᠋ᠠ ᠶᠢᠨ ᠬᠡᠤᠭᠡᠳ ᠤᠨ ᠤᠷᠠᠨ ᠵᠢᠷᠤᠭ ᠤᠨ ᠰᠢ᠍ᠯᠢ᠍ᠳ᠋ᠡᠭ᠌ ᠪᠦᠳ᠋ᠦᠭᠡᠯ ᠤᠨ ᠰᠤᠩᠭ᠋ᠤᠮᠠᠯ》 ᠳ᠋ᠥ ᠰᠤᠷᠤᠨ᠎ᠠ ᠵᠡᠷᠭᠡ ᠠᠷᠪᠠᠨ ᠰᠤᠷᠤᠭᠴᠢ ᠶᠢᠨ ᠪᠦᠳ᠋ᠤᠭᠡᠯ ᠨᠡᠢ᠌ᠳ᠋ᠡᠯᠡᠭ᠍ᠳ᠋ᠡᠪᠠ ᠃

2010 ᠂ 9 ᠰᠠᠷ᠎ᠠ ᠳ᠋ᠥ ᠂ ᠦᠪᠤᠷ ᠮᠤᠩᠭ᠋ᠤᠯ ᠤᠨ ᠦᠪᠡᠷᠳ᠋ᠡᠭᠡᠨ ᠵᠠᠰᠠᠬᠤ ᠤᠷᠤᠨ ᠤ ᠰᠤᠷᠭᠠᠨ ᠬᠦᠮᠦᠵᠢ᠍ᠯ ᠤᠨ ᠲᠤᠪᠴᠢ᠍ᠶ᠎ᠠ ᠡᠴᠡ ᠵᠤᠬᠢᠶᠠᠨ ᠪᠠᠢ᠌ᠭᠤᠯᠤᠭᠰᠠᠨ《ᠰᠤᠳ᠋ᠤᠨ ᠤᠷᠠᠯᠢ᠍ᠭ ᠬᠤᠨᠳ᠋ᠠᠭᠠᠳ᠋ᠤ》 ᠬᠡᠤᠭᠡᠳ ᠪᠠᠭᠠᠴᠤᠤᠨ ᠤᠨ ᠤᠷᠠᠨ ᠵᠢᠷᠤᠭ ᠤᠨ ᠤᠷᠤᠯᠳ᠋ᠤᠭᠠᠨ ᠳ᠋ᠥ ᠴᠢ᠍ᠩ ᠴᠢ᠍ᠩ ᠂ ᠴᠧᠩ ᠬᠦᠩ ᠵᠡᠷᠭᠡ ᠲᠤᠯᠤᠭᠠᠨ ᠰᠤᠷᠤᠭᠴᠢ ᠠᠯᠳ᠋ᠠ ᠂ ᠮᠦ᠋ᠩᠬᠦᠨ ᠂ ᠬᠦᠷᠡᠯ ᠮᠧᠲ᠋ᠠᠯ ᠤᠨ ᠰᠢ᠍ᠯᠢ᠍ᠳ᠋ᠡᠭ᠌ ᠬᠢᠷᠢ ᠪᠦᠳ᠋ᠤᠮᠵᠢ ᠤᠯᠪᠠ ᠃

2011 ᠂ 7 ᠰᠠᠷ᠎ᠠ ᠳ᠋ᠥ ᠂ ᠠᠷᠪᠠᠨ ᠨᠢ᠋ᠮᠠᠳ᠋ᠤᠭᠠᠷ ᠬᠤᠭᠤᠴᠠᠭᠠᠨ ᠤ《ᠭᠡᠪ ᠴᠢ᠍ᠨᠠᠷ ᠬᠤᠨᠳ᠋ᠠᠭᠠᠳ᠋ᠤ》 ᠪᠦᠬᠦ ᠤᠯᠤᠰ ᠤᠨ ᠬᠡᠤᠭᠡᠳ ᠪᠠᠭᠠᠴᠤᠤᠨ ᠤᠨ ᠤᠷᠠᠨ ᠵᠢᠷᠤᠭ ᠤᠨ ᠤᠷᠤᠯᠳ᠋ᠤᠭᠠᠨ ᠳ᠋ᠥ ᠸᠸᠢ ᠸᠸᠢ ᠵᠡᠷᠭᠡ ᠵᠢᠷᠭᠤᠭᠠᠨ ᠰᠤᠷᠤᠭᠴᠢ ᠠᠯᠳ᠋ᠠ ᠂ ᠮᠦ᠋ᠩᠬᠦᠨ ᠂ ᠬᠦᠷᠡᠯ ᠮᠧᠳ᠋ᠠᠯ ᠬᠦᠷᠳ᠋ᠡᠪᠠ ᠃

2012 ᠂ 12 ᠰᠠᠷ᠎ᠠ ᠳ᠋ᠥ ᠂ ᠲᠦ᠋ᠩᠯᠢ᠍ᠶᠤᠤ ᠬᠤᠳ᠋ᠠ ᠶᠢᠨ ᠰᠤᠷᠭᠠᠨ ᠬᠦᠮᠦᠵᠢ᠍ᠯ ᠤᠨ ᠲᠤᠪᠴᠢ᠍ᠶᠠᠨ ᠡᠴᠡ ᠵᠤᠬᠢᠶᠠᠨ ᠪᠠᠢ᠌ᠭᠤᠯᠤᠭᠰᠠᠨ《ᠲᠦ᠋ᠩᠯᠢ᠍ᠶᠤᠤ ᠬᠤᠳ᠋ᠠ ᠶᠢᠨ ᠠᠩᠬᠠᠳ᠋ᠠᠭᠴᠢ ᠤᠳ᠋ᠠᠭᠠᠨ ᠤ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠰᠤᠷᠤᠭᠴᠢ᠍ᠳ ᠤᠨ ᠰᠢ᠍ᠨᠵᠢ᠍ᠯᠡᠬᠦ ᠮᠡᠷᠭᠡᠵᠢ᠍ᠯ ᠤᠨ ᠤᠷᠠᠨ ᠵᠢᠷᠤᠭ ᠤᠨ ᠤᠷᠤᠯᠳ᠋ᠤᠭᠠᠨ》 ᠳ᠋ᠥ ᠪᠤᠤ ᠶᠦ᠋ᠩ ᠴᠢ᠍ᠶᠠᠨ ᠂ ᠴᠠᠢ᠌ᠯᠭᠠᠨ ᠵᠡᠷᠭᠡ ᠨᠢ᠋᠋ᠮᠠᠨ ᠰᠤᠷᠤᠭᠴᠢ ᠨᠢ᠍ᠭᠡᠳ᠋ᠦᠭᠡᠷ ᠂ ᠬᠤᠶᠠᠳ᠋ᠤᠭᠠᠷ ᠂ ᠭᠤᠷᠪᠠᠳ᠋ᠤᠭᠠᠷ ᠨᠠᠷᠡᠰ ᠤᠨ ᠬᠢᠷᠢ ᠪᠦᠳ᠋ᠦᠮᠵᠢ ᠶᠢ ᠤᠯᠪᠠ ᠃

2013 ᠂ 3 ᠰᠠᠷ᠎ᠠ ᠳ᠋ᠥ ᠂ ᠲᠤᠮᠳ᠋ᠠᠳ᠋ᠤ ᠤᠯᠤᠰ ᠤᠨ ᠰᠤᠷᠭᠠᠨ ᠬᠦᠮᠦᠵᠢ᠍ᠯ ᠤᠨ ᠶᠠᠮᠤᠨ ᠡᠴᠡ ᠵᠤᠬᠢᠶᠠᠨ ᠪᠠᠢ᠌ᠭᠤᠯᠤᠭᠰᠠᠨ《ᠪᠦᠬᠦ ᠤᠯᠤᠰ ᠤᠨ ᠲᠦ᠋ᠷᠪᠡᠳ᠋ᠤᠭᠡᠷ ᠬᠤᠭᠤᠴᠠᠭᠠᠨ ᠤ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠰᠤᠷᠤᠭᠴᠢ᠍ᠳ ᠤᠨ ᠤᠷ᠎ᠠ ᠮᠡᠷᠭᠡᠵᠢ᠍ᠯ ᠤᠨ ᠮᠦ᠋ᠷᠦᠢ᠌ᠴᠡᠭᠡᠨ》 ᠳ᠋ᠥ ᠲᠦ᠋ᠯᠭᠡᠨ ᠬᠠᠮᠳ᠋ᠤ ᠰᠤᠷᠤᠭᠴᠢ ᠶᠢᠨ《ᠲᠠᠭᠠᠲᠠᠢ ᠠᠮᠠᠷᠠᠯᠳ᠋ᠠ》 ᠬᠡᠬᠦ ᠪᠦᠳ᠋ᠦᠭᠡᠯ ᠨᠢ ᠨᠢ᠍ᠭᠡᠳ᠋ᠦᠭᠡᠷ ᠲᠠᠰ ᠳᠥ ᠤᠷᠤᠭᠰᠠᠨ ᠪᠠᠢ᠌ᠨ᠎ᠠ ᠃

2013 ᠂ 5 ᠰᠠᠷ᠎ᠠ ᠳ᠋ᠥ ᠂ ᠲᠦ᠋ᠩᠯᠢ᠍ᠶᠤᠤ ᠬᠤᠳ᠋ᠠ ᠶᠢᠨ ᠰᠤᠷᠭᠠᠨ ᠬᠦᠮᠦᠵᠢ᠍ᠯ ᠤᠨ ᠲᠤᠪᠴᠢ᠍ᠶᠠᠨ ᠡᠴᠡ ᠵᠤᠬᠢᠶᠠᠨ ᠪᠠᠢ᠌ᠭᠤᠯᠤᠭᠰᠠᠨ《ᠠᠷᠪᠢᠯᠠᠨ ᠭᠠᠮᠨᠠᠶ᠎ᠠ》 ᠭᠤᠤᠯ ᠰᠡᠳ᠋ᠤᠪᠳ᠋ᠤ ᠤᠷᠠᠨ ᠵᠢᠷᠤᠭ ᠤᠨ ᠤᠷᠤᠯᠳ᠋ᠤᠭᠠᠨ ᠳ᠋ᠥ ᠪᠤᠤ ᠶᠦ᠋ᠩ ᠴᠢ᠍ᠶᠠᠨ ᠂ ᠸᠠᠩ ᠯᠠᠨ ᠂ ᠬᠠᠨ ᠯᠤ ᠵᠡᠷᠭᠡ ᠨᠦ᠋ᠬᠦᠤᠨ ᠰᠢ᠍ᠯᠢ᠍ᠳ᠋ᠡᠭ᠌ ᠬᠢᠷᠢ ᠪᠦᠳ᠋ᠤᠮᠵᠢ ᠤᠯᠤᠭᠰᠠᠨ ᠪᠠᠢ᠌ᠨ᠎ᠠ ᠃

2013 ᠂ 7 ᠰᠠᠷ᠎ᠠ ᠳ᠋ᠥ ᠂ ᠲᠦ᠋ᠩᠯᠢ᠍ᠶᠤᠤ ᠬᠤᠳ᠋ᠠ ᠶᠢᠨ ᠰᠤᠷᠭᠠᠨ ᠬᠦᠮᠦᠵᠢ᠍ᠯ ᠤᠨ ᠲᠤᠪᠴᠢ᠍ᠶᠠᠨ ᠡᠴᠡ ᠵᠤᠬᠢᠶᠠᠨ ᠪᠠᠢ᠌ᠭᠤᠯᠤᠭᠰᠠᠨ ᠲᠦ᠋ᠩᠯᠢ᠍ᠶᠤᠤ ᠬᠤᠳ᠋ᠠ ᠶᠢᠨ ᠭᠤᠷᠪᠠᠳ᠋ᠤᠭᠠᠷ ᠬᠤᠭᠤᠴᠠᠭᠠᠨ ᠤ《ᠲᠤᠮᠳ᠋ᠠᠳ᠋ᠤ ᠪᠠᠭ᠎ᠠ ᠰᠤᠷᠭᠠᠭᠤᠯᠢ ᠶᠢᠨ ᠰᠤᠷᠤᠭᠴᠢ᠍ᠳ ᠤᠨ ᠤᠷᠠᠯᠢ᠍ᠭ ᠤᠨ ᠪᠠᠶᠠᠷ》 ᠳᠥ ᠫᠠᠨ ᠫᠠᠨ ᠬᠠᠮᠳ᠋ᠤ ᠨᠦ᠋ᠬᠦᠤᠨ ᠤᠨ《ᠴᠠᠰᠤᠳ᠋ᠤ ᠰᠦ᠋ᠨᠢ》 ᠬᠡᠬᠦ ᠪᠦᠳ᠋ᠤᠭᠡᠯ ᠨᠢ ᠤᠷᠠᠨ ᠵᠢᠷᠤᠭ ᠤᠨ ᠪᠦᠳ᠋ᠦᠭᠡᠯ ᠤᠨ ᠨᠢ᠍ᠭᠡᠳ᠋ᠤᠭᠡᠷ ᠨᠠᠷᠠᠰ ᠲᠣ ᠤᠷᠤᠪᠠ ᠃

2014 ᠂ 3 ᠰᠠᠷ᠎ᠠ ᠳ᠋ᠥ ᠂ ᠲᠦ᠋ᠩᠯᠢ᠍ᠶᠤᠤ ᠬᠤᠳ᠋ᠠ ᠶᠢᠨ ᠰᠤᠷᠭᠠᠨ ᠬᠦᠮᠦᠵᠢ᠍ᠯ ᠤᠨ ᠲᠤᠪᠴᠢ᠍ᠶᠠᠨ ᠡᠴᠡ ᠵᠤᠬᠢᠶᠠᠨ ᠪᠠᠢ᠌ᠭᠤᠯᠤᠭᠰᠠᠨ《ᠲᠤᠮᠳ᠋ᠠᠳ᠋ᠤ ᠶᠢᠨ ᠬᠦᠰᠡᠯ》 ᠪᠦᠬᠦ ᠬᠤᠳ᠋ᠠ ᠶᠢᠨ ᠪᠠᠭᠠᠴᠤᠤᠨ ᠤᠨ ᠰᠤᠶᠤᠯ ᠤᠷᠠᠯᠢ᠍ᠭ ᠤᠨ ᠬᠦᠳ᠋ᠡᠯᠭᠡᠭᠡᠨ ᠳ᠋ᠥ ᠴᠢ᠍ᠶᠠᠨ ᠴᠢ᠍ᠶᠠᠨ ᠬᠠᠮᠳ᠋ᠤ ᠨᠦ᠋ᠬᠦᠤᠨ ᠤᠨ《ᠨᠠᠭᠠᠳ᠋ᠤᠮ ᠤᠨ ᠬᠤᠷᠠᠯ》 ᠬᠡᠬᠦ ᠪᠦᠳ᠋ᠤᠭᠡᠯ ᠨᠢ ᠨᠢ᠍ᠭᠡᠳ᠋ᠦᠭᠡᠷ ᠨᠠᠷᠠᠰ ᠤᠨ ᠰᠢ᠍ᠯᠢ᠍ᠳ᠋ᠡᠭ᠌ ᠬᠢᠷᠢ ᠪᠦᠳ᠋ᠤᠮᠵᠢ ᠤᠯᠪᠠ ᠃

2014 ᠂ 12 ᠰᠠᠷ᠎ᠠ ᠳ᠋ᠥ ᠂ ᠦᠪᠤᠷ ᠮᠤᠩᠭ᠋ᠤᠯ ᠤᠨ ᠦᠪᠡᠷᠳ᠋ᠡᠭᠡᠨ ᠵᠠᠰᠠᠬᠤ ᠤᠷᠤᠨ ᠤ ᠰᠤᠷᠭᠠᠨ ᠬᠦᠮᠦᠵᠢ᠍ᠯ ᠤᠨ ᠲᠢᠩᠬᠢᠮ ᠡᠴᠡ ᠡᠷᠬᠢᠯᠡᠭ᠍ᠰᠡᠨ ᠂《ᠪᠦᠬᠦ ᠤᠷᠤᠨ ᠤ ᠲᠤᠮᠳ᠋ᠠᠳ᠋ᠤ ᠪᠠᠭ᠎ᠠ ᠰᠤᠷᠭᠠᠭᠤᠯᠢ ᠶᠢᠨ ᠰᠤᠷᠤᠭᠴᠢ᠍ᠳ ᠤᠨ ᠰᠢ᠍ᠨᠵᠢ᠍ᠯᠡᠬᠦ ᠮᠡᠷᠭᠡᠵᠢ᠍ᠯ ᠤᠨ ᠤᠷᠠᠨ ᠵᠢᠷᠤᠭ ᠤᠨ ᠤᠷᠤᠯᠳ᠋ᠤᠭᠠᠨ》 ᠳ᠋ᠥ ᠡᠤ ᠶᠠ ᠴᠢ ᠵᠡᠷᠭᠡ ᠨᠢ᠋ᠮᠠᠨ ᠰᠤᠷᠤᠭᠴᠢ ᠨᠢ᠍ᠭᠡᠳ᠋ᠦᠭᠡᠷ ᠂ ᠬᠤᠶᠠᠳ᠋ᠤᠭᠠᠷ ᠂ ᠭᠤᠷᠪᠠᠳ᠋ᠤᠭᠠᠷ ᠨᠠᠷᠡᠰ ᠤᠨ ᠬᠢᠷᠢ ᠪᠦᠳ᠋ᠦᠮᠵᠢ ᠶᠢ ᠤᠯᠪᠠ ᠃

 

 

ᠲᠤᠰ ᠰᠢᠷᠢᠰ ᠪᠦᠲᠦᠭᠡᠯ ᠤᠳ ᠤᠨ ᠵᠤᠬᠢᠶᠠᠭᠴᠢ (ᠵᠢᠷᠤᠭᠴᠢ)

 

《 ᠡᠵᠢ ᠶᠢᠨ ᠴᠢ᠍ᠨᠠᠭᠰᠠᠨ ᠰᠦ᠋ ᠲᠡᠶ ᠴᠠᠢ》 ᠨᠠᠷᠠ

《 ᠰᠦ᠋ᠷᠳ᠋ᠡᠰᠢ ᠦᠭᠡᠶ》 ᠨᠠᠷᠠ

《 ᠲᠠᠪᠤᠨ ᠬᠤᠰᠢ᠍ᠭᠤ ᠮᠠᠯ》 ᠨᠠᠷᠠ

《 ᠡᠷᠡᠨ ᠤ ᠵᠢᠪᠬᠤᠭ᠎ᠠ》 ᠨᠠᠷᠠ

《 ᠠᠮᠢ᠍ᠳ᠋ᠤᠷᠠᠯ ᠤᠨ ᠬᠠᠷᠭᠤᠢ ᠳ᠋ᠥ》 ᠨᠠᠷᠠ

《 ᠲᠡᠨᠦᠬᠦᠯ》 ᠨᠠᠷᠠ

《 ᠨᠠᠷᠠᠨ ᠮᠠᠨᠳ᠋ᠤᠯ᠎ᠠ》 ᠴᠡᠩᠭᠡᠷᠵᠦ᠋ᠭ᠌

《 ᠠᠶᠤᠮᠰᠢ᠍ᠭᠳ᠋ᠤ ᠰᠢ᠍ᠮᠨᠤ ᠢᠷᠡᠯ᠎ᠠ》 ᠴᠡᠩᠭᠡᠷᠵᠦ᠋ᠭ᠌

《 ᠠᠮᠠᠷᠠᠯᠳ᠋ᠠ ᠶᠢᠨ ᠡᠳ᠋ᠤᠷ》 ᠴᠡᠩᠭᠡᠷᠵᠦ᠋ᠭ᠌

《 ᠲᠠᠯ᠎ᠠ ᠨᠤᠳ᠋ᠤᠭ ᠲᠣ ᠪᠠᠨ ᠢᠷᠡᠭᠡᠷᠡᠢ》 ᠰᠢ᠍ᠤᠸᠠᠢ ᠮᠢ᠍ᠨ

《 ᠰᠦ᠋ᠨᠢ ᠶᠢᠨ ᠰᠠᠬᠢᠭᠤᠯ》 ᠡᠤ ᠶᠠ ᠴᠢ

《 ᠰᠠᠢ᠌ᠨ ᠡᠷ᠎ᠠ ᠶᠢᠨ ᠬᠦᠰᠡᠯ》 ᠮᠦ᠋ᠰᠢ᠍ᠶᠡᠯ

《 ᠵᠢᠮᠢ᠍ᠰ》 ᠰᠦ᠋ᠨ ᠵᠧᠨ ᠢᠤᠢ

《 ᠰᠤᠪᠤᠷᠭ᠎ᠠ》 ᠰᠢ᠍ᠩ ᠰᠢ᠍ᠩ

《 ᠬᠤᠸᠠᠷ ᠤᠨ ᠯᠤᠩᠬᠤ》 ᠬᠤᠰᠢ᠍ᠭᠤᠴᠢ

《 ᠤᠢ ᠰᠢ᠍ᠭᠤᠢ》 ᠸᠠᠩ ᠰᠢ᠍ᠨ ᠰᠢ᠍ᠨ

《 ᠬᠦᠯᠦᠭᠡ ᠮᠢ᠍ᠨᠢ》 ᠡᠶᠡᠯᠰᠡᠭ᠌

《 ᠵᠡᠬᠡᠯᠢ ᠶᠢᠨ ᠦᠵᠡᠮᠵᠢ》 ᠠᠨᠠᠷ

《 ᠬᠦᠳ᠋ᠡᠭᠡ ᠭᠡᠷ ᠮᠢ᠍ᠨᠢ》 ᠲᠠᠷᠬᠠᠨ

《 ᠨᠤᠳ᠋ᠤᠭ ᠤᠨ ᠲᠤᠷᠠᠰᠤᠮᠵᠢ》 ᠡᠤᠤ ᠳ᠋ᠦ᠋ᠩ

《 ᠪᠢᠴᠢ᠍ᠬᠠᠨ ᠬᠠᠨᠢ᠍ᠳ᠋ᠠᠨ》 ᠰᠠᠷᠭᠠᠢ

《 ᠬᠦᠰᠡᠯ ᠤᠨ ᠵᠢᠬᠦᠷ》 ᠴᠡᠩᠭᠡᠯ

《 ᠠᠯᠢ᠍ᠮ᠎ᠠ ᠠᠯᠮᠤᠷᠠᠳ》 ᠮᠧᠢ ᠬᠤᠸᠠ

《 ᠬᠠᠢ᠌ᠷ᠎ᠠ》 ᠯᠢ᠍ᠩ ᠯᠢ᠍ᠩ

《 ᠭᠠᠢ᠌ᠬᠠᠮᠰᠢ᠍ᠭᠳ᠋ᠤ ᠶᠢ᠍ᠷᠲᠢ᠍ᠨᠴᠤ》 ᠡᠤ ᠰᠤᠷᠤᠶ᠎ᠠ

《 ᠪᠦᠵᠢ᠍ᠭ᠍ᠴᠢ᠍ᠨ ᠪᠤᠯᠤᠶ᠎ᠠ》 ᠯᠢ ᠶᠢ᠍ᠩ

《 ᠨᠠᠢ᠌ᠷᠠᠯᠳ᠋ᠤᠨ ᠪᠦᠵᠢ᠍ᠭᠯᠡᠶ᠎ᠠ》 ᠯᠢ ᠶᠢ᠍ᠩ

《 ᠠᠮᠢ᠍ᠳ᠋ᠠᠨ ᠤ ᠬᠦᠷᠢ᠍ᠶᠡᠯᠡᠩ》 ᠶᠦ᠋ᠸᠸ ᠴᠠᠩ ᡁᠢ

《 ᠡᠭᠡ ᠤᠷᠤᠨ ᠶᠢᠡᠨ ᠨᠤᠭᠤᠭᠠᠷᠠᠭᠤᠯᠤᠶ᠎ᠠ》 ᠴᠢ᠍ᠩ ᠴᠢ᠍ᠩ

《 ᠲᠠᠭᠠᠲᠠᠢ ᠠᠮᠠᠷᠠᠯᠳ᠋ᠠ》 ᠲᠦ᠋ᠯᠭᠡᠨ

《 ᠵᠢᠭᠠᠰᠤ》 ᠬᠠᠢ ᠵᠢᠶ‍ᠦ᠋ᠨ ᠰᠢ᠍ᠨ

《 ᠠᠳ᠋ᠤᠭᠤᠨ ᠳ᠋ᠥ ᠪᠠᠨ ᠶᠠᠪᠤᠶ᠎ᠠ》 ᠶᠦ᠋ᠩ ᠴᠢ᠍ᠶᠠᠨ

《 ᠵᠢᠭᠠᠯ ᠪᠠᠳ᠋ᠤ ᠶᠢᠨ ᠰᠡᠩᠭᠡᠷᠡᠯ》 ᠮᠢ᠍ᠩ ᡁᠢ

《 ᠠᠯᠳ᠋ᠠᠨ ᠲᠦ᠋ᠷᠦᠭᠡ》 ᠲᠡᠷᠭᠡᠯ

《 ᠬᠦᠯᠦᠭ᠌ ᠪᠤᠯᠬᠤ ᠤᠨᠠᠭ᠎ᠠ ᠡᠴᠡ ᠪᠠᠨ》 ᠢᠯᠠᠨ᠎ᠠ

《 ᠬᠡᠤᠭᠡᠳ ᠤᠨ ᠵᠢᠷᠭᠠᠯᠳ᠋ᠤ ᠠᠮᠢ᠍ᠳ᠋ᠤᠷᠠᠯ》 ᠨᠠᠮᠢ᠍ᠷᠠᠭ᠎ᠠ

《 ᠰᠠᠷᠠ ᠲᠡᠶ ᠨᠠᠢ᠌ᠵᠠᠯᠠᠶ᠎ᠠ》 ᠯᠢ ᠴᠡᠩᠭᠡᠷ

《 ᠡᠮᠡᠭᠡ ᠡᠵᠢ》 ᠰᠦ᠋ᠷᠯᠦᠨ

《 ᠠᠪᠤᠷᠭᠤ ᠪᠦᠭᠡᠴᠢ᠍ᠨ ᠪᠤᠯᠤᠶ᠎ᠠ》 ᠮᠦ᠋ᠴᠢ᠍ᠷ

《 ᠰᠠᠷᠠ ᠲᠡᠷᠭᠡᠯ ᠰᠠᠢ᠌ᠬᠠᠨ ᠰᠦ᠋ᠨᠢ》 ᠬᠠᠢ ᠶᠠᠨ

《 ᠠᠳ᠋ᠤᠭᠤᠴᠢ᠍ᠨ ᠠᠪᠤ》 ᠸᠸᠢ ᠸᠸᠢ

《 ᠬᠦᠯᠦᠭᠡ ᠮᠢ᠍ᠨᠢ》 ᠴᠢ᠍ᠩ ᠬᠠᠢ

《 ᠪᠦᠷᠭᠦᠳ ᠤᠨ ᠲᠡᠬᠦᠯᠢ᠍ᠯ》 ᠲᠤᠭ

《 ᠭᠤᠪᠢ ᠶᠢᠨ ᠤᠩᠭ᠋ᠤᠴᠠ》 ᠯᠧᠢ ᠯᠧᠢ

《 ᠢᠷᠡᠭᠡᠳ᠋ᠤᠢ ᠪᠠ ᠬᠦᠰᠡᠯᠡᠩ》 ᠰᠦ᠋ᠩ ᠴᠢ᠍ᠩ ᠴᠢ᠍ᠩ

《 ᠠᠮᠠᠷᠠᠯᠳ᠋ᠠ ᠶᠢᠨ ᠨᠢ᠍ᠭᠡᠨ ᠡᠳ᠋ᠤᠷ》 ᠪᠠᠢ ᠶᠠᠩ

《 ᠡᠷᠳ᠋ᠡᠮ ᠶᠢᠡᠨ ᠦᠵᠡᠬᠦᠯᠦᠶ᠎ᠠ》 ᠰᠢ᠍ᠤᠢ ᠶᠠᠩ

《 ᠠᠨᠠᠰᠢ》 ᠬᠠᠢ ᠨᠠ

《 ᠠᠭᠤᠯᠠᠨ ᠲᠤᠰᠬᠤᠨ》 ᠲᠤᠭ

《 ᠴᠢ᠍ᠮᠡᠭᠯᠡᠯ ᠲᠤᠭᠤᠷᠤᠤ》 ᠡᠤ ᠵᠢᠶ‍ᠧ

《 ᠪᠢᠴᠢ᠍ᠬᠠᠨ ᠮᠤᠤᠷ》 ᠬᠤᠩ ᠰᠢ᠍ᠤᠢ ᠶᠠᠩ

《 ᠨᠠᠷᠠᠨ ᠤ ᠴᠡᠩᠬᠡᠷ ᠰᠡᠬᠦᠳ᠋ᠡᠷ》 ᠯᠢ ᠯᠢ

《 ᠪᠢ ᠲᠤᠮᠤ ᠭᠤᠳ᠋ᠤᠯ ᠲᠡᠶ》 ᠤᠯᠠᠭᠠᠨ

《 ᠮᠤᠷᠢ》 ᠵᠢᠶᠠᠨ ᠵᠢᠶ‍ᠦ᠋ᠨ

《 ᠪᠤᠭᠤ》 ᠠᠮᠢ᠍ᠯᠠ

《 ᠬᠠᠮᠤᠭ ᠤᠨ ᠭᠤᠶᠤ ᠴᠡᠴᠡᠭ᠌》 ᠯᠧᠢ ᠯᠧᠢ

《 ᠰᠠᠯᠬᠢᠨ ᠬᠦᠷᠳ᠋ᠤ》 ᠮᠠᠨ ᠴᠧᠩ

《 ᠨᠠᠮᠤᠷ ᠪᠤᠯᠤᠯ᠎ᠠ》 ᠡᠤ ᠰᠤᠷᠤᠶ᠎ᠠ

《 ᠠᠯᠤᠰ ᠤᠨ ᠪᠠᠷ᠎ᠠ》 ᠰᠤᠶᠤᠯᠳ᠋ᠤ

《 ᠨᠤᠳ᠋ᠤᠭ ᠤᠨ ᠮᠢ᠍ᠨᠢ ᠬᠠᠪᠤᠷ》 ᠬᠤᠰᠢ᠍ᠭᠤᠴᠢ

《 ᠡᠷᠡᠨ ᠴᠠᠭ ᠤᠨ ᠬᠡᠤᠭᠡᠳ》 ᠠᠨᠠᠷ

《 ᠲᠤᠭᠯᠠᠨ ᠵᠢᠷᠭᠠᠵᠤ ᠦᠰᠤᠭᠡᠷᠡᠢ》 ᠬᠠᠢ ᠶᠠᠨ

《 ᠰᠠᠭᠠᠯᠢ᠍ᠴᠢ᠍ᠨ ᠪᠤᠰᠡᠬᠦᠢ》 ᠭᠡᠭᠡᠨᠴᠢ᠍ᠷ

《 ᠭᠤᠶᠤ ᠮᠠᠰᠢ᠍ᠨ ᠢᠷᠡᠯ᠎ᠠ》 ᠰᠦ᠋ᠨ ᠵᠧᠨ ᠢᠤᠢ

《 ᠬᠤᠨᠢ᠍ᠴᠢ᠍ᠨ ᠬᠦᠤ ᠶᠢᠨ ᠵᠢᠷᠭᠠᠯᠳ᠋ᠤ ᠠᠮᠢ᠍ᠳ᠋ᠤᠷᠠᠯ》 ᠰᠡᠴᠡᠨᠳ᠋ᠤᠶᠠᠭ᠎ᠠ

《 ᠠᠭᠤᠯᠠ ᠰᠢ᠍ᠭ ᠰᠡᠬᠦᠢ᠌ᠳ᠋ᠡᠭ᠌ ᠠᠪᠤ ᠮᠢ᠍ᠨᠢ》 ᠸᠸᠢ ᠸᠸᠢ

《 ᠪᠢᠴᠢ᠍ᠬᠠᠨ ᠮᠤᠤᠷ》 ᠸᠠᠩ ᠨᠢ᠍ᠩ

《 ᠬᠠᠳ᠋ᠤᠨ》 ᠯᠧᠢ ᠯᠧᠢ

《 ᠡᠶᠡᠪᠡᠷᠬᠦᠤ ᠰᠠᠯᠬᠢᠨ》 ᠠᠷᠢ᠍ᠭᠤᠨ

《 ᠲᠡᠯᠡᠭᠡᠢ ᠶᠢᠨ ᠪᠦᠮᠪᠦᠷᠴᠡᠭ᠌ ᠶᠢᠡᠨ ᠬᠠᠮᠠᠭᠠᠯᠠᠶ᠎ᠠ》 ᠴᠡᠩᠭᠡᠷᠵᠦ᠋ᠭ᠌

《 ᠵᠡᠬᠦᠳ᠋ᠤᠨ ᠶᠢ᠍ᠷᠲᠢ᠍ᠨᠴᠤ》 ᠪᠤᠤ ᠬᠠᠨ

《 ᠨᠠᠢ᠌ᠵᠠ ᠶᠢᠨ ᠵᠤᠷᠢ᠍ᠭᠵᠢ᠍ᠭᠤᠯᠤᠯ》 ᠮᠧᠢ ᠬᠤᠸᠠ

《 ᠬᠦᠮᠪᠢᠷ᠎ᠠ ᠶᠢᠨ ᠶᠢ᠍ᠷᠲᠢ᠍ᠨᠴᠤ》 ᠠᠰᠬᠠᠨ

《 ᠮᠠᠷᠳ᠋ᠠᠭᠳ᠋ᠠᠰᠢ ᠦᠭᠡᠶ ᠵᠤᠭᠠᠴᠠᠯ》 ᠪᠠᠢ ᠶᠠᠩ

《 ᠬᠤᠸᠠᠷ ᠴᠡᠴᠡᠭ᠌》 ᠸᠸᠨ ᠮᠢ᠍ᠩ

《 ᠰᠢ᠍ᠷᠭᠤᠯᠵᠢ ᠶᠢᠨ ᠭᠡᠷ》 ᠸᠠᠩ ᠵᠢᠩ

《 ᠲᠠᠯᠠᠢ ᠶᠢᠨ ᠢᠷᠤᠭᠠᠷ ᠳ᠋ᠡᠬᠢ ᠶᠢ᠍ᠷᠲᠢ᠍ᠨᠴᠤ》 ᠠᠢ᠌ᠵᠢ᠍ᠮ

《 ᠲᠤᠮᠤ ᠵᠢᠭᠠᠰᠤ》 ᠸᠠᠩ ᠰᠢ᠍ᠨ ᠰᠢ᠍ᠨ

《 ᠨᠤᠳ᠋ᠤᠭ ᠡᠴᠡ ᠪᠠᠨ ᠬᠤᠯᠠᠳ᠋ᠤᠯ᠎ᠠ》 ᠴᠠᠭ

《 ᠬᠦᠳ᠋ᠡᠭᠡ ᠲᠤᠰᠬᠤᠨ》 ᠪᠤᠤ ᠰᠢ᠍ᠶᠤᠤ ᠶᠠᠨ

《 ᠰᠢ᠍ᠨ᠎ᠠ ᠨᠠᠢ᠌ᠵᠠ ᠲᠡᠶ ᠲᠠᠨᠢ᠍ᠯᠴᠠᠯ᠎ᠠ》 ᠯᠢ ᠮᠢ᠍ᠩ

《 ᠠᠮᠳ᠋ᠠᠳ᠋ᠤ ᠬᠤᠭᠤᠯᠠ》 ᠷᠠᠰᠢ᠍ᠶᠠᠨ

《 ᠲᠤᠭᠤᠯ》 ᠪᠤᠤ ᠴᠤᠯᠮᠤᠨ

《 ᠲᠦ᠋ᠯ ᠲᠤᠰᠤᠭᠰᠠᠨ》 ᠢᠯᠠᠨ᠎ᠠ

《 ᠬᠡᠷ ᠤᠨ ᠡᠮᠤᠨ᠎ᠠ ᠰᠢ᠍ᠪᠠᠭᠤ ᠢᠷᠡᠯ᠎ᠠ》 ᠠᠰᠤᠷᠢ

《 ᠵᠢᠷᠭᠠᠯᠳ᠋ᠤ ᠰᠠᠢ᠌ᠬᠠᠨ ᠬᠡᠤᠭᠡᠳ ᠨᠠᠰᠤ》 ᠸᠠᠩ ᡁᠢ ᠴᠢ᠍ᠶᠠᠩ

《 ᠡᠷ᠎ᠠ ᠴᠢ᠍ᠳ᠋ᠠᠯ ᠶᠢᠡᠨ ᠦᠵᠡᠯᠴᠡᠶ᠎ᠠ》 ᠰᠢ᠍ᠤᠸᠠᠢ ᠯᠢ᠍ᠶᠠᠨ

《 ᠲᠠᠷᠠ ᠭ᠍ᠱᠠᠨ ᠳ᠋ᠥ》 ᠨᠠᠨᠳ᠋ᠢ᠍ᠨ

《 ᠤᠷᠭᠤᠮᠠᠯ ᠤᠨ ᠬᠦᠷᠢ᠍ᠶᠡᠯᠡᠩ》 ᠬᠤ ᠰᠢ᠍ᠩ ᠹᠦ

《 ᠮᠠᠷᠳ᠋ᠠᠭᠳ᠋ᠠᠰᠢ ᠦᠭᠡᠶ ᠵᠤᠭᠠᠴᠠᠯ》 ᠪᠠᠢ ᠵᠢᠩ

《 ᠰᠠᠢ᠌ᠬᠠᠨ ᠵᠡᠬᠦᠳ᠋ᠤ》 ᠠᠨᠠᠷ

《 ᠰᠤᠷᠭᠠᠭᠤᠯᠢ ᠳ᠋ᠥ ᠪᠠᠨ ᠶᠠᠪᠤᠬᠤ ᠪᠤᠯᠤᠯ᠎ᠠ》 ᠯᠢ᠍ᠤ ᠢᠤᠢ ᠱᠦ᠋ᠸᠠᠢ

《 ᠰᠠᠯᠬᠢᠴᠢ ᠬᠦᠯᠦᠭ᠌》 ᠠᠯᠤᠰ

《 ᠬᠠᠪᠤᠷ ᠤᠨ ᠵᠤᠭᠠᠴᠠᠯ》ᠴᠡᠩᠭᠡᠷᠵᠦ᠋ᠭ᠌

《 ᠪᠦᠯᠬᠦᠮᠳ᠋ᠡᠯ》 ᠠᠢ᠌ᠵᠢ᠍ᠮ

《 ᠲᠡᠷᠭᠡ ᠤᠯᠠᠨ ᠪᠤᠯᠤᠯ᠎ᠠ》 ᠰᠦ᠋ᠷᠯᠦᠨ

《 ᠡᠷᠭᠡ ᠵᠢᠷᠭᠠᠯᠳ᠋ᠤ ᠠᠮᠢ᠍ᠳ᠋ᠤᠷᠠᠯ》 ᠴᠡᠩᠭᠡᠯ

《 ᠪᠠᠭ᠎ᠠ ᠨᠠᠰᠤᠨ ᠤ ᠲᠤᠷᠠᠰᠤᠮᠵᠢ》 ᠴᠠᠭ

《 ᠬᠦᠳ᠋ᠡᠭᠡ ᠭᠡᠷ ᠮᠢ᠍ᠨᠢ》 ᠶᠠᠨ ᠴᠢ᠍ᠤ

《 ᠮᠦ᠋ᠩᠭᠡ ᠶᠢᠨ ᠲᠤᠷᠠᠳᠬᠠᠯ》 ᠸᠸᠨ ᠮᠢ᠍ᠩ

《 ᠰᠦ᠋ᠷ ᠬᠦᠴᠤᠨ》 ᠯᠢ ᠮᠢ᠍ᠩ

《 ᠮᠢ᠍ᠨᠤ ᠪᠢᠴᠢ᠍ᠬᠠᠨ ᠬᠦᠯᠦᠭᠡ》 ᠯᠢ᠍ᠦ ᠢᠤᠢ ᠬᠤᠸᠠ

《 ᠬᠦᠮᠪᠢᠷ᠎ᠠ ᠶᠢᠨ ᠶᠢ᠍ᠷᠲᠢ᠍ᠨᠴᠤ》 ᠨᠠᠨᠳ᠋ᠢ᠍ᠨ

《 ᠬᠠᠮᠳ᠋ᠤ ᠶᠠᠪᠤᠶ᠎ᠠ》 ᠶᠦ᠋ᠸᠸ ᠴᠠᠩ ᡁᠢ

《 ᠭᠠᠢ᠌ᠬᠠᠮᠰᠢ᠍ᠭᠳ᠋ᠤ ᠵᠡᠬᠦᠳ᠋ᠤ》 ᠶᠨᠨ ᠴᠢ᠍ᠤ

《 ᠨᠠᠭᠠᠳ᠋ᠤᠮ》 ᠪᠤᠤ ᠶᠦ᠋ᠩ ᠴᠢ᠍ᠶᠠᠨ

《 ᠪᠦᠳ᠋ᠦᠬᠦᠨ ᠡᠪᠡᠷᠳ᠋ᠤ ᠦᠭᠡᠷ》 ᠲᠠᠢ᠌ᠴᠢ᠍ᠨᠬᠦᠤ

《 ᠬᠦᠮᠪᠢᠷ᠎ᠠ ᠶᠢᠨ ᠶᠢ᠍ᠷᠲᠢ᠍ᠨᠴᠤ》 ᠬᠠᠨ ᠯᠤ

《 ᠴᠢ᠍ᠮᠡᠭᠯᠡᠯ ᠫᠤᠤ》 ᠡᠤ ᠵᠢᠶ‍ᠧ

《 ᠰᠡᠯᠡᠬᠦᠨ ᠴᠠᠭ ᠮᠦ᠋ᠴᠡ》 ᠯᠢ ᠴᠡᠩᠭᠡᠷ

《 ᠵᠤᠯ ᠵᠢᠷᠭᠠᠯᠳ᠋ᠤ ᠬᠡᠤᠭᠡᠳ ᠨᠠᠰᠤ》 ᠬᠠᠢ ᠰᠢ᠍ᠶᠠ

《 ᠠᠶᠠᠨ ᠤ ᠵᠠᠮ》 ᠶᠠᠨ ᠴᠢ᠍ᠩ

《 ᠠᠪᠤᠷᠭᠤ ᠪᠦᠭᠡᠴᠢ᠍ᠨ》 ᠪᠤᠤ ᠵᠧᠨ ᠳ᠋ᠦ᠋ᠩ

《 ᠡᠬᠦᠷᠭᠡ ᠬᠠᠷᠢ᠍ᠭᠤᠴᠠᠯᠭ᠎ᠠ》 ᠲᠡᠷᠢ᠍ᠬᠦᠨ

《 ᠨᠤᠳ᠋ᠤᠭ ᠤᠨ ᠲᠤᠷᠠᠰᠤᠮᠵᠢ》 ᠭᠤᠸᠠᠩ ᠴᠢ

《 ᠵᠢᠪᠬᠤᠭ᠎ᠠ》 ᠸᠠᠩ ᠯᠡᠢ

《 ᠪᠢᠴᠢ᠍ᠬᠠᠨ ᠪᠠᠭᠠᠪᠠᠭᠠᠢ》 ᠽᠠᠢ ᠶᠦ᠋ᠨ

《 ᠵᠡᠬᠦᠳ᠋ᠤᠨ ᠳ᠋ᠥ ᠬᠤᠨᠤᠭᠰᠢ᠍ᠬᠤ ᠡᠵᠢ ᠮᠢ᠍ᠨᠢ》 ᠠᠷᠢ᠍ᠭᠤᠨ

《 ᠬᠤᠨᠢ ᠬᠠᠢ᠌ᠴᠢ᠍ᠯᠡᠶ᠎ᠠ》 ᠡᠤ ᠷᠦ᠋ᠩ ᠬᠤᠸᠠ

《 ᠬᠦᠭᠡᠷᠦᠬᠦᠨ ᠦᠭᠡᠷ》 ᠭᠤᠸᠠᠩ ᠶᠤᠸᠠᠨ

《 ᠠᠮᠢ᠍ᠨ ᠵᠠᠶᠠᠭᠠᠳ᠋ᠤ ᠨᠤᠳ᠋ᠤᠭ》 ᠠᠭᠤᠳ᠋ᠠᠮ

《 ᠰᠠᠯᠬᠢᠨ》 ᠪᠤᠤ ᠶᠦ᠋ᠩ ᠴᠢ᠍ᠶᠠᠨ

《 ᠯᠤᠤ》 ᠪᠤᠤ ᠵᠢᠩ ᠵᠢᠩ

《 ᠰᠦ᠋ᠷᠯᠢ᠍ᠭ᠌ ᠦᠭᠡᠷ》 ᠬᠤᠩ ᠰᠢ᠍ᠤᠢ ᠶᠠᠩ

《 ᠬᠦᠬᠦᠷᠭᠡ》 ᠠᠰᠬᠠᠨ

《 ᠮᠠᠯᠴᠢ᠍ᠨ ᠬᠦᠮᠦᠨ ᠤ ᠵᠢᠷᠭᠠᠯ》 ᡁᠢ ᠴᠢ᠍ᠶᠠᠩ

《 ᠢᠷᠪᠢᠰ》 ᠸᠸᠨ ᠴᠤᠤ

《 ᠰᠢ᠍ᠬᠢᠷ ᠤᠨ ᠭᠡᠷ》 ᠱᠢ ᠯᠧᠢ

《 ᠬᠠᠢ᠌ᠷ᠎ᠠ ᠪᠢᠯᠬᠠᠭᠰᠠᠨ ᠶᠢ᠍ᠷᠲᠢ᠍ᠨᠴᠤ》 ᠬᠠᠢ ᠰᠢ᠍ᠶᠠ

《 ᠰᠠᠷᠠᠨ ᠲᠠᠬᠢᠨᠢ》 ᠯᠧᠢ ᠯᠧᠢ

《 ᠬᠠᠢ᠌ᠷ᠎ᠠ ᠶᠢᠨ ᠬᠤᠷᠸ᠎ᠠ》 ᠸᠸᠢ ᠸᠸᠢ

《 ᠭᠤᠶᠤ ᠬᠠᠳ᠋ᠤᠨ》 ᠲᠤᠯᠠᠭᠠᠨ

《 ᠨᠠᠮᠤᠷ ᠤᠨ ᠨᠠᠮᠤᠷ ᠲᠣ ᠪᠠᠨ ᠲᠤᠷᠠᠰᠴᠤ ᠶᠠᠪᠤᠭᠠᠷᠠᠢ》 ᠯᠢ ᠯᠢ

《 ᠤᠳ᠋ᠤᠨ ᠮᠡᠴᠢ᠍ᠳ》 ᠰᠢ᠍ᠩ ᠰᠢ᠍ᠩ

《 ᠡᠵᠡᠨ ᠴᠢ᠍ᠩᠬᠢᠰ》 ᠮᠦ᠋ᠴᠢ᠍ᠷ

《 ᠰᠡᠳᠬᠢᠯ ᠤᠨ ᠴᠠᠭᠠᠨ ᠮᠤᠷᠢ》 ᠡᠤ ᠷᠦ᠋ᠩ ᠬᠤᠸᠠ

《 ᠴᠡᠴᠡᠭ᠌ ᠲᠡᠬᠦᠭ᠍ᠰᠡᠨ ᠬᠡᠤᠭᠡᠨ》ᠸᠸᠢ ᠸᠸᠢ

《 ᠰᠤᠯᠤᠩᠭ᠋᠎ᠠ ᠶᠢᠨ ᠬᠡᠤᠭᠡᠨ》 ᠬᠠᠢ ᠵᠢᠶ‍ᠦ᠋ᠨ ᠰᠢ᠍ᠨ

《 ᠴᠠᠰᠤᠳ᠋ᠤ ᠰᠦ᠋ᠨᠢ》 ᠫᠠᠨ ᠫᠠᠨ

《 ᠮᠢ᠍ᠨᠤ ᠲᠡᠬᠦᠤ》 ᠵᠢᠶᠠᠨ ᠬᠤᠩ

《 ᠬᠤᠯᠠ ᠶᠢᠨ ᠠᠶᠠᠨ》 ᠲᠦ᠋ᠯᠭᠡᠨ

《UFO》 ᠯᠢ ᠵᠢᠶᠠ ᠾᠦ᠋ᠢ

《 ᠢᠵᠢ᠍ᠯᠢ ᠶᠢᠨ ᠬᠤᠶᠠᠷ》 ᠬᠤ ᠰᠢ᠍ᠩ ᠹᠦ

《 ᠪᠠᠷᠰ ᠠᠭᠤᠯᠠᠨ ᠡᠴᠡ ᠪᠠᠭᠤᠯ᠎ᠠ》 ᠲᠠᠷᠬᠠᠨ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃